ᠵᠢᠨᠢᠩ ᠲᠣᠭᠤᠷᠢᠭ᠄ ︽ᠭᠤᠷᠪᠠ ᠶᠢ ᠤᠷᠢᠳᠠᠪᠠᠷ ᠬᠡᠷᠡᠭᠵᠢᠭᠦᠯᠬᠦ︾ ᠨᠠᠮ ᠤᠨ ᠰᠠᠬᠢᠯᠭ᠎ᠠ ᠪᠠᠲᠤ ᠶᠢᠨ ᠰᠤᠷᠤᠯᠴᠠᠯᠭ᠎ᠠ ᠬᠥᠮᠦᠵᠢᠯ ᠢ ᠯᠠᠪᠳᠠᠭᠤᠨ ᠪᠠᠲᠤᠲᠠᠶ ᠠᠬᠢᠭᠤᠯᠬᠤ ᠶᠢ ᠪᠠᠲᠤᠯᠠᠪᠠ
ᠨᠡᠶᠢᠲᠡᠯᠡᠭᠰᠡᠨ ᠴᠠᠭ᠄
2024/5/16
    ᠨᠠᠮ ᠤᠨ ᠰᠠᠬᠢᠯᠭ᠎ᠠ ᠪᠠᠲᠤ ᠶᠢᠨ ᠰᠤᠷᠤᠯᠴᠠᠯᠭ᠎ᠠ ᠬᠥᠮᠦᠵᠢᠯ ᠢ ᠡᠬᠢᠯᠡᠭᠦᠯᠦᠭᠰᠡᠨ ᠠᠴᠠ ᠨᠠᠰᠢ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠠᠭᠠᠨᠴᠠᠪ ᠬᠤᠳᠠ ᠶᠢᠨ ᠵᠢᠨᠢᠩ ᠲᠣᠭᠤᠷᠢᠭ ᠨᠠᠮ ᠤᠨ ᠰᠠᠬᠢᠯᠭ᠎ᠠ ᠪᠠᠲᠤ ᠶᠢᠨ ᠰᠤᠷᠤᠯᠴᠠᠯᠭ᠎ᠠ ᠬᠥᠮᠦᠵᠢᠯ ᠢ ᠴᠢᠬᠤᠯᠠ ᠤᠯᠤᠰ ᠲᠦᠷᠦ ᠶᠢᠨ ᠡᠭᠦᠷᠭᠡ ᠪᠣᠯᠭᠠᠵᠤ᠂ ᠨᠠᠷᠢᠨ ᠨᠢᠮᠪᠠᠢ ᠵᠣᠬᠢᠶᠠᠨ ᠪᠠᠶᠢᠭᠤᠯᠵᠤ᠂ ᠤᠨᠢᠨ ᠳᠡᠭᠡᠷ᠎ᠡ ᠨᠢ ᠬᠦᠴᠦᠯᠡᠵᠦ᠂ ᠬᠠᠷᠠᠯᠲᠠ ᠱᠠᠭᠠᠷᠳᠠᠯᠭ᠎ᠠ ᠶᠢ ᠡᠵᠡᠮᠳᠡᠬᠦ ᠪᠠᠷ ᠴᠢᠷᠮᠠᠶᠢᠵᠤ᠂ ︽ᠵᠠᠩᠭᠢᠯᠠᠭ᠎ᠠ ᠶᠢᠨ ᠴᠥᠭᠡᠨ ᠲᠣᠭᠠᠲᠠᠨ︾ ᠪᠣᠯᠤᠨ ︽ᠵᠣᠩᠬᠢᠯᠠᠬᠤ ᠤᠯᠠᠨ ᠲᠣᠭᠠᠲᠠᠨ︾᠎ ᠢ ᠴᠢᠩᠭ᠎ᠠ ᠠᠩᠬᠠᠷᠴᠤ᠂ ︽ᠭᠤᠷᠪᠠ ᠶᠢ ᠤᠷᠢᠳᠠᠪᠠᠷ ᠬᠡᠷᠡᠭᠵᠢᠭᠦᠯᠬᠦ︾ ᠪᠣᠳᠠᠲᠠᠢ ᠠᠷᠭ᠎ᠠ ᠬᠡᠮᠵᠢᠶ᠎ᠡ ᠪᠠᠷ ᠨᠠᠮ ᠤᠨ ᠰᠠᠬᠢᠯᠭ᠎ᠠ ᠪᠠᠲᠤ ᠶᠢᠨ ᠰᠤᠷᠤᠯᠴᠠᠯᠭ᠎ᠠ ᠬᠥᠮᠦᠵᠢᠯ ᠢ ᠬᠦᠴᠦᠲᠡᠢ ᠡᠮᠬᠢ ᠵᠢᠷᠤᠮ ᠲᠠᠢ ᠠᠬᠢᠭᠤᠯᠵᠤ᠂ ᠭᠦᠨᠵᠡᠭᠡᠶᠢᠷᠡᠭᠦᠯᠦᠨ ᠪᠣᠳᠠᠲᠠᠶᠢᠵᠢᠭᠤᠯᠬᠤ ᠶᠢ ᠪᠠᠲᠤᠯᠠᠪᠠ᠃     4 ᠰᠠᠷ᠎ᠠ ᠶᠢᠨ 15᠎ ᠤ ᠡᠳᠦᠷ᠂ ᠵᠢᠨᠢᠩ ᠲᠣᠭᠤᠷᠢᠭ ᠤᠨ ᠨᠠᠮ ᠤᠨ ᠬᠤᠷᠢᠶ᠎ᠠ ᠨᠠᠮ ᠤᠨ ᠪᠠᠶᠢᠭᠤᠯᠤᠯᠲᠠ ᠶᠢᠨ ᠠᠵᠢᠯ ᠤᠨ ᠤᠳᠤᠷᠢᠳᠬᠤ ᠳᠤᠭᠤᠶᠢᠯᠠᠩ ᠤᠨ ᠬᠤᠷᠠᠯ ᠬᠤᠷᠠᠯᠳᠤᠭᠤᠯᠵᠤ᠂ ᠨᠠᠮ ᠤᠨ ᠲᠥᠪ ᠬᠤᠷᠢᠶ᠎ᠠ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠪᠣᠯᠤᠨ ᠬᠤᠳᠠ ᠶᠢᠨ ᠨᠠᠮ ᠤᠨ ᠬᠤᠷᠢᠶ᠎ᠠ ᠶᠢᠨ ᠨᠠᠮ ᠤᠨ ᠰᠠᠬᠢᠯᠭ᠎ᠠ ᠪᠠᠲᠤ ᠶᠢᠨ ᠰᠤᠷᠤᠯᠴᠠᠯᠭ᠎ᠠ ᠬᠥᠮᠦᠵᠢᠯ ᠤᠨ ᠲᠤᠬᠠᠢ ᠱᠠᠭᠠᠷᠳᠠᠯᠭ᠎ᠠ ᠶᠢ ᠤᠯᠠᠮᠵᠢᠯᠠᠨ ᠰᠤᠷᠤᠯᠴᠠᠵᠤ᠂ ᠵᠢᠨᠢᠩ ᠲᠣᠭᠤᠷᠢᠭ ᠤᠨ ᠨᠠᠮ ᠤᠨ ᠬᠤᠷᠢᠶ᠎ᠠ ᠶᠢᠨ ᠰᠤᠷᠤᠯᠴᠠᠯᠭ᠎ᠠ ᠬᠥᠮᠦᠵᠢᠯ ᠤᠨ ᠲᠤᠬᠠᠢ ᠪᠠᠶᠢᠷᠢᠯᠠᠭᠤᠯᠤᠯᠲᠠ ᠬᠢᠵᠡᠢ᠃ ᠪᠦᠬᠦ  ᠲᠤᠭᠤᠷᠢᠭ ᠤᠨ 83 ᠰᠠᠯᠠᠭᠠᠨ ᠲᠡᠰ ᠤᠨ ᠤᠳᠤᠷᠢᠳᠬᠤ ᠪᠠᠭ᠂ 668 ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠵᠡᠷᠭᠡ ᠪᠠᠷ ᠪᠦᠬᠦ ᠲᠠᠯ᠎ᠠ ᠪᠠᠷ ᠡᠬᠢᠯᠡᠵᠦ ᠪᠠᠶᠢᠷᠢᠯᠠᠭᠤᠯᠪᠠ᠃ ᠲᠤᠭᠤᠷᠢᠭ ᠤᠨ ᠨᠠᠮ ᠤᠨ ᠬᠤᠷᠢᠶ᠎ᠠ ᠲᠡᠷᠡ ᠳᠠᠷᠤᠶ ᠳᠤᠨᠢ ︽ᠪᠥᠬᠦ ᠲᠤᠭᠤᠷᠢᠭ ᠤᠨ ᠨᠠᠮ ᠤᠨ ᠰᠠᠬᠢᠯᠭ᠎ᠠ ᠪᠠᠲᠤ ᠶᠢᠨ ᠰᠤᠷᠤᠯᠴᠠᠯᠭ᠎ᠠ ᠬᠥᠮᠦᠵᠢᠯ ᠢ ᠥᠷᠨᠢᠭᠦᠯᠬᠦ ᠲᠤᠬᠠᠶ ᠠᠵᠢᠯ ᠤᠨ ᠲᠥᠰᠦᠯ︾᠎ ᠢ ᠲᠣᠭᠲᠠᠭᠠᠨ ᠳᠠᠷᠤᠮᠠᠯᠯᠠᠨ ᠲᠠᠷᠬᠠᠭᠠᠬᠤ ᠶᠢᠨ ᠬᠠᠮᠲᠤ ᠵᠢᠨᠢᠩ ᠲᠣᠭᠤᠷᠢᠭ ᠤᠨ ᠪᠣᠳᠠᠲᠤ ᠪᠠᠶᠢᠳᠠᠯ ᠲᠠᠢ ᠤᠶᠠᠯᠳᠤᠭᠤᠯᠤᠨ᠂ 6 ᠲᠠᠯ᠎ᠠ ᠶᠢᠨ ᠲᠣᠭᠤᠷᠢᠨ ᠳᠤ 16 ᠡᠭᠦᠷᠭᠡ ᠠᠵᠢᠯ ᠤᠨ ᠬᠤᠪᠢᠶᠠᠷᠢᠯᠠᠯ ᠢ ᠨᠠᠷᠢᠯᠢᠭᠵᠢᠭᠤᠯᠤᠨ ᠪᠦᠷᠢᠯᠳᠦᠭᠦᠯᠵᠦ᠂ ᠲᠦᠷᠦᠭᠦᠯᠡᠨ ᠬᠢᠬᠦ  ᠨᠢᠭᠡᠴᠢ ᠶᠢ ᠨᠢᠭᠡᠳ ᠨᠢᠭᠡ ᠪᠠᠷ ᠲᠣᠳᠣᠷᠬᠠᠶᠢᠯᠠᠵᠤ᠂ ᠵᠦᠶᠯ ᠳᠠᠷᠠᠭᠠᠯᠠᠨ ᠪᠣᠳᠠᠲᠠᠶ ᠲᠣᠬᠢᠷᠠᠭᠤᠯᠤᠯᠲᠠ ᠶᠢ ᠵᠢᠭᠰᠠᠭᠠᠪᠠ᠃ ᠲᠤᠭᠤᠷᠢᠭ ᠤᠨ ᠨᠠᠮ ᠤᠨ ᠬᠤᠷᠢᠶᠠᠨ ᠤ ᠨᠠᠮ ᠤᠨ ᠪᠠᠶᠢᠭᠤᠯᠤᠯᠲᠠ ᠶᠢᠨ ᠠᠵᠢᠯ ᠤᠨ ᠤᠳᠤᠷᠢᠳᠬᠤ ᠳᠤᠭᠤᠶᠢᠯᠠᠩ ᠤᠨ ᠠᠯᠪᠠᠨ ᠬᠡᠷ ᠨᠢ ᠲᠤᠭᠤᠷᠢᠭ ᠤᠨ ᠨᠠᠮ ᠤᠨ ᠬᠤᠷᠢᠶᠠᠨ ᠤ ᠠᠯᠪᠠᠨ ᠬᠡᠷ᠂ ᠲᠤᠭᠤᠷᠢᠭ ᠤᠨ ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ᠂ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠥᠪᠯᠡᠯ ᠪᠣᠯᠤᠨ ᠤᠬᠠᠭᠤᠯᠬᠤ ᠬᠡᠯᠲᠡᠰ ᠵᠡᠷᠭᠡ ᠰᠠᠯᠠᠭ᠎ᠠ ᠮᠥᠴᠢᠷ ᠤᠨ 16 ᠰᠢᠯᠢᠳᠡᠭ ᠬᠦᠴᠦᠨ ᠢ ᠲᠠᠲᠠᠵᠤ ᠠᠵᠢᠯ ᠤᠨ ᠲᠤᠰᠬᠠᠶ ᠠᠩᠭᠢ ᠪᠠᠶᠢᠭᠤᠯᠵᠤ᠂  ᠶᠡᠷᠦᠩᠬᠡᠶᠢᠯᠡᠭᠰᠡᠨ  ᠴᠢᠨᠠᠷᠲᠠᠢ ᠤᠬᠠᠭᠤᠯᠵᠤ᠂ ᠬᠢᠨᠠᠮᠠᠭᠠᠢ ᠵᠢᠯᠣᠭᠤᠳᠴᠤ᠂ ᠨᠠᠮ ᠤᠨ ᠰᠠᠬᠢᠯᠭ᠎ᠠ ᠪᠠᠲᠤ ᠶᠢᠨ ᠰᠤᠷᠤᠯᠴᠠᠯᠭ᠎ᠠ ᠬᠥᠮᠦᠵᠢᠯ ᠢ ᠯᠠᠪᠳᠠᠭᠤᠨ ᠪᠠᠲᠤᠲᠠᠶ ᠡᠮᠬᠢ ᠵᠢᠷᠤᠮ ᠲᠠᠢ ᠥᠷᠨᠢᠭᠦᠯᠬᠦ ᠶᠢ ᠠᠬᠢᠭᠤᠯᠪᠠ᠃ ᠤᠨᠤᠯ ᠤᠨ ᠰᠤᠷᠤᠯᠴᠠᠯᠭ᠎ᠠ ᠶᠢ ᠤᠷᠢᠳᠠᠪᠠᠷ ᠬᠢᠵᠦ᠂ ᠲᠠᠷᠢᠬᠢ ᠰᠡᠳᠬᠢᠯ ᠳᠤ ᠬᠠᠳᠠᠩᠰᠢᠭᠤᠯᠬᠤ ᠶᠢ ᠦᠨᠡᠨ ᠬᠦ ᠪᠠᠲᠤᠯᠠᠨ᠎ᠠ᠃ 4 ᠰᠠᠷ᠎ᠠ ᠶᠢᠨ 23᠎ ᠤ ᠡᠳᠦᠷ ᠠᠴᠠ 24᠎ ᠤ ᠡᠳᠦᠷ ᠪᠣᠯᠲᠠᠯ᠎ᠠ᠂ ᠲᠤᠭᠤᠷᠢᠭ ᠤᠨ ᠨᠠᠮ ᠤᠨ ᠬᠤᠷᠢᠶ᠎ᠠ ᠨᠠᠮ ᠤᠨ ᠰᠠᠬᠢᠯᠭ᠎ᠠ ᠪᠠᠲᠤ ᠶᠢᠨ ᠰᠤᠷᠤᠯᠴᠠᠯᠭ᠎ᠠ ᠬᠥᠮᠦᠵᠢᠯ ᠤᠨ ᠲᠤᠰᠬᠠᠶ ᠰᠡᠳᠦᠪᠲᠦ ᠨᠣᠮ ᠤᠩᠰᠢᠬᠤ ᠠᠩᠭᠢ ᠵᠢᠴᠢ ᠣᠨᠣᠯ ᠰᠤᠷᠤᠯᠴᠠᠬᠤ ᠭᠤᠤᠯ ᠳᠤᠭᠤᠶᠢᠯᠠᠩ ᠤᠨ ᠰᠤᠷᠤᠯᠴᠠᠯᠭ᠎ᠠ ᠶᠢ ᠡᠷᠭᠢᠯᠡᠵᠦ᠂ ᠭᠠᠵᠠᠷ ᠤᠨ ᠲᠠᠰ ᠠᠴᠠ ᠳᠡᠭᠡᠭᠰᠢᠬᠢ ᠨᠠᠮ ᠤᠨ ᠭᠡᠰᠢᠭᠦᠨ ᠤᠳᠤᠷᠢᠳᠬᠤ ᠨᠥᠬᠦᠳ ᠲᠥᠪᠯᠡᠷᠡᠭᠦᠯᠦᠨ ᠥᠪᠡᠰᠦᠪᠡᠨ ᠰᠤᠷᠤᠯᠴᠠᠬᠤ᠂ ᠲᠤᠰᠬᠠᠶ ᠰᠡᠳᠦᠪ ᠢᠶᠠᠷ ᠬᠠᠪᠰᠤᠷᠤᠨ ᠵᠢᠯᠣᠭᠤᠳᠬᠤ᠂ ᠬᠠᠮᠲᠤ ᠪᠠᠷ ᠰᠤᠷᠤᠯᠴᠠᠬᠤ ᠪᠠ ᠰᠤᠳᠤᠯᠤᠨ ᠶᠠᠷᠢᠯᠴᠠᠵᠤ ᠰᠣᠯᠢᠯᠴᠠᠬᠤ ᠶᠢ ᠤᠶᠠᠯᠳᠤᠭᠤᠯᠬᠤ ᠠᠷᠭ᠎ᠠ ᠮᠠᠶ᠋ᠢᠭ ᠢ ᠠᠪᠴᠤ᠂ ︽ᠳᠤᠮᠳᠠᠳᠤ ᠤᠯᠤᠰ ᠤᠨ ᠡᠪ ᠬᠠᠮᠲᠤ ᠨᠠᠮ ᠤᠨ ᠰᠠᠬᠢᠯᠭ᠎ᠠ ᠪᠠᠲᠤ ᠶᠢᠨ ᠰᠢᠳᠬᠡᠯ ᠥᠭᠬᠦ ᠲᠦᠷᠢᠮ︾ ᠵᠢᠴᠢ ᠬᠠᠮᠢᠶ᠎ᠠ ᠪᠥᠬᠦᠶ ᠠᠭᠤᠯᠭ᠎ᠠ ᠶᠢ ᠲᠦᠷᠦᠭᠦᠯᠡᠨ ᠲᠡᠷᠡ ᠬᠡᠪ ᠢᠶᠠᠷ ᠨᠢ ᠰᠤᠷᠤᠯᠴᠠᠵᠤ᠂ ᠲᠦᠷᠢᠮ ᠲᠣᠭᠲᠠᠭᠠᠯ ᠳᠠᠷᠠᠭᠠᠯᠠᠨ ᠰᠤᠷᠤᠯᠴᠠᠪᠠ᠃    ᠡᠯ᠎ᠡ ᠨᠠᠮ ᠤᠨ ᠬᠤᠷᠢᠶ᠎ᠠ ︵ᠨᠠᠮ ᠤᠨ ᠤᠳᠤᠷᠢᠳᠬᠤ ᠳᠤᠭᠤᠶᠢᠯᠠᠩ︶ ᠪᠣᠯᠤᠨ ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠢᠳᠡᠪᠬᠢᠲᠡᠶ ᠪᠠᠷ ᠴᠤᠤᠷᠢᠶᠠᠲᠤᠨ ᠳᠠᠭᠠᠵᠤ᠂ ᠦᠳᠲᠡᠷ ᠲᠦᠷᠭᠡᠨ ᠬᠥᠳᠡᠯᠦᠯᠴᠡᠪᠡ ᠃ ᠣᠲᠣ ᠪᠣᠯᠲᠠᠯ᠎ᠠ᠂ ᠡᠯ᠎ᠡ ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠨᠠᠮ ᠤᠨ ᠭᠡᠰᠢᠭᠦᠨ ᠤ ᠶᠡᠭᠡ ᠬᠤᠷᠠᠯ ᠳᠡᠭᠡᠷ᠎ᠡ ᠳᠠᠭᠠᠭᠤᠯᠤᠨ ᠰᠤᠷᠤᠯᠴᠠᠬᠤ᠂ ᠨᠠᠮ ᠤᠨ ᠬᠢᠴᠢᠶᠡᠯ ᠣᠷᠣᠵᠤ ᠰᠤᠷᠤᠯᠴᠠᠬᠤ ᠪᠠ ᠭᠤᠤᠯ ᠰᠡᠳᠦᠪᠲᠦ ᠨᠠᠮ ᠤᠨ ᠡᠳᠦᠷ ᠤᠨ ᠲᠤᠬᠠᠶ ᠶᠢᠨ ᠲᠠᠯᠠᠪᠤᠷ ᠲᠤ ᠰᠤᠷᠤᠯᠴᠠᠬᠤ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ᠂ ᠲᠤᠰᠬᠠᠶ ᠰᠡᠳᠦᠪᠲᠦ ᠰᠤᠷᠤᠯᠴᠠᠯᠭ᠎ᠠ ᠶᠢ ᠨᠡᠶᠢᠲᠡ 710 ᠤᠳᠠᠭ᠎ᠠ ᠡᠷᠭᠢᠯᠡᠵᠦ᠂ ᠰᠠᠯᠠᠭᠠᠨ ᠲᠠᠰ ᠠᠴᠠ ᠳᠡᠭᠡᠭᠰᠢᠬᠢ 400 ᠭᠠᠷᠤᠶ ᠨᠠᠮ ᠤᠨ ᠭᠡᠰᠢᠭᠦᠨ ᠤᠳᠤᠷᠢᠳᠬᠤ ᠺᠠᠳ᠋ᠷ ᠰᠤᠷᠤᠯᠴᠠᠯᠭ᠎ᠠ ᠳᠤ ᠣᠷᠣᠯᠴᠠᠭᠰᠠᠨ ᠪᠥᠭᠡᠳ ᠰᠠᠨᠠᠯ ᠢᠶᠠᠨ ᠰᠣᠯᠢᠯᠴᠠᠵᠤ ᠰᠤᠳᠤᠯᠤᠨ ᠶᠠᠷᠢᠯᠴᠠᠵᠤ᠂ ︽ᠲᠦᠷᠢᠮ︾᠎ ᠢ ᠰᠡᠳᠬᠢᠯ ᠵᠢᠷᠦᠬᠡᠨ ᠳᠤ ᠬᠠᠳᠠᠩᠰᠢᠭᠤᠯᠬᠤ ᠶᠢ ᠲᠠᠰᠤᠷᠠᠯᠲᠠ ᠥᠬᠡᠶ ᠠᠬᠢᠭᠤᠯᠪᠠ᠃ ︽ᠵᠢᠨᠢᠩ ᠲᠣᠭᠤᠷᠢᠭ ᠤᠨ ᠣᠶᠤᠨᠴᠢ ᠨᠠᠮ ᠤᠨ ᠪᠠᠶᠢᠭᠤᠯᠤᠯᠲᠠ︾ ᠸᠢᠴᠠᠲ ᠤᠨ ᠨᠡᠶᠢᠲᠡ ᠶᠢᠨ ᠲᠠᠪᠴᠠᠩ ︽ᠨᠠᠮ ᠤᠨ ᠰᠠᠬᠢᠯᠭ᠎ᠠ ᠶᠢᠨ ᠰᠤᠷᠤᠯᠴᠠᠯᠭ᠎ᠠ ᠬᠥᠮᠦᠵᠢᠯ︾᠎ ᠤᠨ ᠲᠤᠰᠬᠠᠶ ᠪᠤᠯᠤᠩ ᠭᠠᠷᠭᠠᠵᠤ᠂ ᠨᠠᠮ ᠤᠨ ᠰᠠᠬᠢᠯᠭ᠎ᠠ ᠪᠠᠲᠤ ᠶᠢᠨ ᠰᠤᠷᠤᠯᠴᠠᠯᠭ᠎ᠠ ᠬᠥᠮᠦᠵᠢᠯ ᠤᠨ ᠬᠤᠯᠪᠣᠭᠳᠠᠯ ᠪᠥᠬᠦᠶ ᠠᠭᠤᠯᠭ᠎ᠠ ᠶᠢ 46 ᠬᠤᠪᠢ ᠨᠡᠶᠢᠲᠡᠯᠡᠵᠦ᠂ ︽ᠨᠠᠮ ᠤᠨ ᠪᠠᠶᠢᠭᠤᠯᠤᠯᠲᠠ ᠶᠢ ᠡᠷᠬᠢᠮᠯᠡᠬᠦ︾ ︽ᠲᠦᠷᠢᠮ︾᠎ ᠢ ᠤᠩᠰᠢᠨ ᠲᠠᠶᠢᠯᠪᠤᠷᠢᠯᠠᠵᠤ᠂ 2 ᠬᠤᠭᠤᠴᠠᠭᠠᠨ ᠤ ︽ᠲᠦᠷᠢᠮ︾᠎ ᠢ ᠰᠤᠷᠤᠯᠴᠠᠨ  ᠲᠤᠭᠤᠰᠢᠯᠠᠭᠤᠯᠬᠤ ᠶᠢ 2024 ᠣᠨ ᠤ ᠵᠢᠨᠢᠩ ᠲᠣᠭᠤᠷᠢᠭ ᠤᠨ ᠺᠠᠳ᠋ᠷ᠂ ᠨᠠᠮ ᠤᠨ ᠭᠡᠰᠢᠭᠦᠨ ᠤ ᠬᠥᠮᠦᠵᠢᠯ ᠪᠣᠯᠪᠠᠰᠤᠷᠠᠭᠤᠯᠤᠯ ᠤᠨ ᠲᠥᠯᠥᠪᠯᠡᠭᠡ ᠳᠤ ᠣᠷᠣᠭᠤᠯᠵᠤ᠂ ᠨᠠᠮ ᠤᠨ ᠭᠡᠰᠢᠭᠦᠨ ᠺᠠᠳ᠋ᠷᠴᠤᠳ ᠲᠤ ᠰᠠᠬᠢᠯᠭ᠎ᠠ ᠪᠠᠲᠤ ᠶᠢ ᠰᠤᠷᠬᠤ᠂ ᠰᠠᠬᠢᠯᠭ᠎ᠠ ᠪᠠᠲᠤ ᠶᠢ ᠮᠡᠳᠡᠬᠦ᠂ ᠰᠠᠬᠢᠯᠭ᠎ᠠ ᠪᠠᠲᠤ ᠶᠢ ᠰᠠᠬᠢᠬᠤ᠂ ᠰᠠᠬᠢᠯᠭ᠎ᠠ ᠪᠠᠲᠤ ᠶᠢ  ᠳᠠᠭᠠᠬᠤ ᠭᠦᠨ ᠵᠤᠵᠠᠭᠠᠨ ᠰᠤᠷᠤᠯᠴᠠᠬᠤ ᠠᠭᠤᠷ ᠠᠮᠢᠰᠬᠤᠯ ᠢ ᠪᠣᠶ ᠪᠣᠯᠭᠠᠵᠤ ᠥᠭᠪᠡ᠃       ᠲᠤᠭᠤᠷᠢᠭ ᠤᠨ ᠱᠠᠲᠤᠨ ᠤ ᠠᠵᠢᠯ ᠤᠨ ᠲᠤᠰᠬᠠᠶ ᠠᠩᠭᠢ ᠨᠢ ︽ᠵᠠᠩᠭᠢᠯᠠᠭ᠎ᠠ ᠶᠢᠨ ᠴᠥᠭᠡᠨ ᠲᠣᠭᠠᠲᠠᠨ︾᠎ ᠢᠶᠠᠷ ︽ᠵᠣᠩᠬᠢᠯᠠᠬᠤ ᠣᠯᠠᠨ ᠲᠣᠭᠠᠲᠠᠨ︾᠎ ᠢ ᠳᠠᠶᠢᠴᠢᠯᠠᠬᠤ ᠵᠠᠷᠴᠢᠮ ᠢ ᠪᠠᠷᠢᠮᠲᠠᠯᠠᠵᠤ᠂ 19 ᠵᠢᠯᠣᠭᠤᠳᠬᠤ ᠬᠡᠰᠡᠭ ᠲᠣᠭᠤᠷᠢᠭ ᠢ ᠲᠣᠳᠣᠷᠬᠠᠶᠢᠯᠠᠵᠤ᠂ ᠣᠨᠣᠯ ᠤᠨ ᠭᠤᠤᠯ ᠳᠤᠭᠤᠶᠢᠯᠠᠩ ᠳᠤ ᠰᠤᠯᠠ ᠣᠷᠣᠯᠴᠠᠬᠤ᠂ ᠲᠠᠰᠢᠷᠠᠮ ᠢᠶᠠᠷ ᠰᠤᠳᠤᠯᠤᠨ ᠶᠠᠷᠢᠯᠴᠠᠬᠤ ᠳᠤ ᠣᠷᠣᠯᠴᠠᠬᠤ ᠵᠡᠷᠭᠡ ᠬᠡᠯᠪᠡᠷᠢ ᠪᠠᠷ ᠳᠠᠮᠵᠢᠭᠤᠯᠤᠨ᠂ ᠵᠣᠬᠢᠶᠠᠨ ᠪᠠᠶᠢᠭᠤᠯᠤᠨ ᠵᠣᠬᠢᠴᠠᠭᠤᠯᠬᠤ᠂ ᠬᠠᠷᠢᠯᠴᠠᠵᠤ ᠨᠡᠪᠲᠡᠷᠡᠯᠴᠡᠬᠦ᠂ ᠦᠶᠯᠡᠴᠢᠯᠡᠵᠦ ᠪᠠᠲᠤᠯᠠᠬᠤ᠂ ᠵᠢᠯᠣᠭᠤᠳᠤᠨ ᠱᠠᠯᠠᠪᠳᠠᠭᠤᠯᠬᠤ ᠵᠡᠷᠭᠡ ᠡᠭᠦᠷᠭᠡ ᠬᠠᠷᠢᠭᠤᠴᠠᠯᠭ᠎ᠠ ᠪᠠᠨ ᠭᠦᠶᠴᠡᠳᠬᠡᠨ᠎ᠡ᠃ ᠡᠭᠦᠨ ᠤ ᠬᠠᠮᠲᠤ᠂ ᠲᠤᠭᠤᠷᠢᠭ ᠤᠨ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠥᠪᠯᠡᠯ ᠠᠴᠠ ᠲᠤᠷᠰᠢᠯᠭ᠎ᠠ ᠪᠠᠷ ᠪᠠᠶᠠᠯᠢᠭ 25 ᠲᠤᠬᠠᠶᠢᠯᠠᠭᠰᠠᠨ ᠠᠵᠢᠯ ᠤᠨ ᠭᠤᠣᠯᠯᠠᠭᠴᠢ ᠬᠦᠴᠦᠨ ᠢ ᠰᠣᠩᠭᠤᠨ ᠲᠣᠮᠢᠯᠠᠵᠤ ᠯᠧᠺᠲ᠋ᠣᠷ ᠪᠣᠯᠭᠠᠵᠤ᠂ ᠠᠮᠢᠳᠤᠯᠢᠭ ᠤᠯᠠᠨ ᠶᠠᠩᠵᠤ ᠶᠢᠨ ᠵᠢᠭᠠᠨ ᠰᠤᠷᠭᠠᠯᠲᠠ ᠶᠢᠨ ᠠᠷᠭ᠎ᠠ ᠬᠡᠯᠪᠡᠷᠢ ᠶᠢ ᠠᠪᠴᠤ᠂ ᠰᠤᠷᠭᠠᠯᠲᠠ ᠶᠢ ᠬᠦᠷᠭᠡᠬᠦ ᠴᠢᠬᠤᠯᠠᠲᠠᠢ ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢ ᠬᠠᠪᠰᠤᠷᠤᠨ ᠵᠢᠯᠣᠭᠤᠳᠴᠤ᠂ ᠨᠠᠮ ᠤᠨ ᠰᠠᠬᠢᠯᠭ᠎ᠠ ᠪᠠᠲᠤ ᠶᠢᠨ ᠰᠤᠷᠤᠯᠴᠠᠯᠭ᠎ᠠ ᠬᠥᠮᠦᠵᠢᠯ ᠢ ᠭᠦᠨᠵᠡᠭᠡᠶᠢᠷᠡᠭᠦᠯᠦᠨ ᠪᠣᠳᠠᠲᠠᠶᠢᠵᠢᠭᠤᠯᠬᠤ ᠶᠢ ᠠᠬᠢᠭᠤᠯᠪᠠ᠃ ᠡᠭᠦᠨ ᠤ ᠬᠠᠮᠲᠤ ᠨᠠᠮ ᠤᠨ ᠰᠠᠬᠢᠯᠭ᠎ᠠ ᠪᠠᠲᠤ ᠶᠢᠨ ᠰᠤᠷᠤᠯᠴᠠᠯᠭ᠎ᠠ ᠬᠥᠮᠦᠵᠢᠯ ᠢ ᠥᠷᠨᠢᠭᠦᠯᠦᠭᠰᠡᠨ ᠪᠠᠶᠢᠳᠠᠯ ᠢ ᠤᠳᠤᠷᠢᠳᠬᠤ ᠪᠠᠭ ᠤᠨ ᠣᠨ ᠤ ᠬᠢᠨᠠᠨ ᠰᠢᠯᠭᠠᠬᠤ ᠠᠵᠢᠯ ᠳᠤ ᠣᠷᠣᠭᠤᠯᠵᠤ᠂ ᠬᠢᠨᠠᠨ ᠰᠢᠯᠭᠠᠬᠤ ᠪᠠᠷ ᠳᠠᠮᠵᠢᠨ ᠰᠤᠷᠤᠯᠴᠠᠯᠭ᠎ᠠ ᠶᠢᠨ ᠦᠷ᠎ᠡ ᠪᠦᠲᠦᠮᠵᠢ ᠶᠢ ᠠᠬᠢᠭᠤᠯᠪᠠ᠃ ᠨᠠᠮ ᠤᠨ ᠲᠣᠭᠲᠠᠭᠠᠯ ᠨᠠᠮ ᠤᠨ ᠰᠠᠬᠢᠯᠭ᠎ᠠ ᠪᠠᠲᠤ ᠪᠠᠷ ᠦᠵᠡᠯ ᠰᠠᠨᠠᠭ᠎ᠠ ᠦᠢᠯᠡ ᠠᠵᠢᠯᠯᠠᠭ᠎ᠠ ᠪᠠᠨ ᠦᠨᠡᠨᠬᠦ ᠵᠠᠯᠠᠷᠠᠭᠤᠯᠵᠤ᠂ ᠪᠦᠬᠦ ᠲᠤᠭᠤᠷᠢᠭ ᠤᠨ ᠨᠠᠮ ᠤᠨ ᠭᠡᠰᠢᠭᠦᠨ ᠢ ᠬᠥᠮᠦᠵᠢᠭᠦᠯᠦᠨ ᠵᠢᠯᠣᠭᠤᠳᠴᠤ ᠪᠠᠶᠢᠭᠠᠳ ᠰᠠᠬᠢᠯᠭ᠎ᠠ ᠪᠠᠲᠤ ᠶᠢᠨ ᠱᠠᠭᠠᠷᠳᠠᠯᠭ᠎ᠠ ᠶᠢ ᠰᠡᠳᠬᠢᠯ ᠳᠡᠭᠡᠨ ᠰᠢᠩᠭᠡᠭᠡᠵᠦ᠂ ᠦᠢᠯᠡ ᠠᠵᠢᠯᠯᠠᠭ᠎ᠠ ᠳᠠᠭᠠᠨ ᠰᠢᠩᠭᠡᠭᠡᠵᠦ᠂ ᠨᠠᠮ ᠤᠨ ᠭᠡᠰᠢᠭᠦᠨ ᠺᠠᠳ᠋ᠷᠴᠤᠳ ᠤᠨ ᠨᠠᠮ ᠤᠨ ᠰᠠᠬᠢᠯᠭ᠎ᠠ ᠪᠠᠲᠤ ᠶᠢᠨ ᠰᠤᠷᠤᠯᠴᠠᠯᠭ᠎ᠠ ᠬᠥᠮᠦᠵᠢᠯ ᠤᠨ ᠬᠠᠯᠠᠭᠤᠨ ᠰᠡᠳᠬᠢᠯᠭᠡ ᠶᠢ ᠬᠥᠭᠵᠢᠭᠡᠨ ᠦᠨᠳᠦᠰᠦᠨ ᠱᠠᠲᠤᠨ ᠤ ᠵᠠᠰᠠᠯᠲᠠ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ᠂ ᠨᠠᠷᠢᠯᠢᠭᠵᠢᠭᠤᠯᠤᠨ ᠵᠠᠰᠠᠬᠤ ᠪᠠ ᠠᠷᠠᠳ ᠲᠦᠮᠡᠨ ᠳᠤ ᠦᠢᠯᠡᠴᠢᠯᠡᠬᠦ ᠠᠵᠢᠯᠯᠠᠭ᠎ᠠ ᠶᠢᠨ ᠳᠤᠮᠳᠠ ᠨᠠᠶᠢᠳᠠᠪᠤᠷᠢᠵᠢᠭᠤᠯᠵᠤ᠂ ᠠᠵᠢᠯ ᠬᠢᠵᠦ ᠦᠢᠯᠡᠰ ᠪᠣᠰᠬᠠᠬᠤ ︽ᠴᠤᠭ ᠰᠦᠯᠳᠡ︾᠎ ᠶᠢ ᠤᠯᠠᠮ ᠨᠢᠭᠡ ᠠᠯᠬᠤᠮ ᠬᠥᠭᠵᠢᠭᠡᠪᠡ᠃              ᠨᠠᠶᠢᠷᠠᠭᠤᠯᠤᠭᠴᠢ᠄ ᠸᠠᠩ ᠵᠢᠩ ᠵᠢᠩ              ᠤᠷᠴᠢᠭᠤᠯᠤᠭᠴᠢ᠄ ᠲᠤᠶᠠᠭ᠎ᠠ 
 
ᠢᠷᠡᠯᠲᠡ᠄ ᠵᠢᠨᠢᠡᠭ ᠲᠤᠭᠤᠷᠢᠭ ᠤᠨ ᠵᠠᠰᠠᠭ ᠤᠨ ᠤᠷᠳᠤᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2