ᠵᠢᠨᠢᠩ ᠲᠣᠭᠤᠷᠢᠭ ᠲᠤ 2024 ᠣᠨ ᠤ ᠪᠥᠬᠦ ᠬᠤᠲᠠ ᠶᠢᠨ ︽ᠦᠨᠳᠦᠰᠦᠲᠡᠨ ᠤ ᠲᠥᠷᠥ ᠶᠢᠨ ᠪᠣᠳᠣᠯᠭ᠎ᠠ ᠶᠢᠨ ᠤᠬᠠᠭᠤᠯᠭ᠎ᠠ ᠶᠢᠨ ᠰᠠᠷ᠎ᠠ︾᠂ ︽ᠦᠨᠳᠦᠰᠦᠲᠡᠨ ᠤ ᠬᠠᠤᠯᠢᠵᠢᠯ ᠤᠨ ᠤᠬᠠᠭᠤᠯᠭ᠎ᠠ ᠶᠢᠨ ᠭᠠᠷᠠᠭ︾᠎ ᠤᠨ ᠠᠵᠢᠯᠯᠠᠭ᠎ᠠ  ᠡᠬᠢᠯᠡᠪᠡ
ᠨᠡᠶᠢᠲᠡᠯᠡᠭᠰᠡᠨ ᠴᠠᠭ᠄
2024/5/10
705470.jpg
    5 ᠰᠠᠷ᠎ᠠ ᠶᠢᠨ 9᠎ ᠤ ᠡᠳᠦᠷ ᠤᠨ ᠦᠳᠡ ᠶᠢᠨ ᠡᠮᠦᠨ᠎ᠡ᠂ ︽ᠬᠦᠰᠡᠯ ᠨᠠᠶᠢᠳᠠᠯᠭ᠎ᠠ ᠶᠢ ᠪᠠᠲᠤ ᠴᠡᠭᠡᠵᠢᠯᠡᠵᠦ᠂ ᠠᠴᠢ ᠡᠨᠡᠷᠢᠯ ᠳᠤ ᠲᠠᠯᠠᠷᠬᠠᠨ ᠡᠷᠡᠯᠬᠡᠭᠯᠡᠨ ᠤᠷᠤᠭᠰᠢᠯᠠᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠤᠨ ᠵᠢᠱᠢᠶ᠎ᠡ ᠦᠵᠡᠭᠦᠯᠬᠦ ᠣᠷᠣᠨ ᠢ ᠪᠥᠬᠦ ᠲᠠᠯ᠎ᠠ ᠪᠠᠷ ᠪᠥᠲᠥᠭᠡᠨ ᠪᠠᠶᠢᠭᠤᠯᠬᠤ ᠪᠠᠷ ᠭᠤᠤᠯ ᠰᠡᠳᠦᠪ ᠪᠣᠯᠭᠠᠭᠰᠠᠨ ᠪᠥᠬᠦ ᠬᠤᠲᠠ ᠶᠢᠨ ︽ᠦᠨᠳᠦᠰᠦᠲᠡᠨ ᠤ ᠲᠥᠷᠥ ᠶᠢᠨ ᠪᠣᠳᠣᠯᠭ᠎ᠠ ᠶᠢᠨ ᠤᠬᠠᠭᠤᠯᠭ᠎ᠠ ᠶᠢᠨ ᠰᠠᠷ᠎ᠠ︾᠂ ︽ᠦᠨᠳᠦᠰᠦᠲᠡᠨ ᠤ ᠬᠠᠤᠯᠢᠵᠢᠯ ᠤᠨ ᠤᠬᠠᠭᠤᠯᠭ᠎ᠠ ᠶᠢᠨ ᠭᠠᠷᠠᠭ︾᠎ ᠤᠨ ᠡᠬᠢᠯᠡᠯᠲᠡ ᠶᠢᠨ ᠶᠣᠰᠣᠯᠠᠯ ᠵᠢᠴᠢ ᠲᠥᠪᠯᠡᠷᠡᠭᠦᠯᠦᠨ ᠤᠬᠠᠭᠤᠯᠬᠤ ᠠᠵᠢᠯᠯᠠᠭ᠎ᠠ ᠵᠢᠨᠢᠩ ᠤᠨ ᠳᠠᠶᠢᠯᠠᠯᠳᠤᠭᠠᠨ ᠤ ᠬᠤᠪᠢᠰᠬᠠᠯ ᠤᠨ ᠳᠤᠷᠠᠰᠬᠠᠯ ᠤᠨ ᠬᠦᠷᠢᠶᠡᠯᠡᠩ ᠳᠤ ᠶᠠᠪᠤᠭᠳᠠᠵᠤ᠂ ᠣᠯᠠᠨ ᠲᠦᠮᠡᠨ ᠳᠤ ᠨᠠᠮ ᠤᠨ ᠦᠨᠳᠦᠰᠦᠲᠡᠨ ᠤ ᠣᠨᠣᠯ ᠲᠥᠷᠥ ᠶᠢᠨ ᠪᠣᠳᠣᠯᠭ᠎ᠠ ᠪᠠ ᠬᠠᠤᠯᠢ ᠴᠠᠭᠠᠵᠠ ᠬᠠᠤᠯᠢ ᠲᠣᠭᠲᠠᠭᠠᠯ ᠵᠡᠷᠭᠡ ᠬᠠᠮᠢᠶ᠎ᠠ ᠪᠥᠬᠦᠶ ᠮᠡᠳᠡᠯᠭᠡ ᠶᠢ ᠲᠠᠶᠢᠯᠪᠤᠷᠢᠯᠠᠨ ᠥᠭᠴᠦ᠂ ᠦᠨᠳᠦᠰᠦᠲᠡᠨ ᠤ ᠪᠦᠯᠬᠦᠮᠳᠡᠯ ᠢ ᠬᠠᠮᠲᠤ ᠪᠠᠷ ᠬᠠᠮᠠᠭᠠᠯᠠᠬᠤ ᠰᠠᠶᠢᠨ ᠰᠠᠶᠢᠬᠠᠨ ᠠᠭᠤᠷ ᠠᠮᠢᠰᠬᠤᠯ ᠢ ᠪᠣᠶ ᠪᠣᠯᠭᠠᠪᠠ᠃    ᠬᠤᠲᠠ ᠶᠢᠨ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠵᠢᠨᠢᠩ ᠲᠣᠭᠤᠷᠢᠭ ᠤᠨ ᠨᠠᠮ ᠤᠨ ᠬᠤᠷᠢᠶᠠᠨ ᠤ ᠱᠦᠵᠢ ᠵᠠᠩ ᠶᠦᠩ ᠸᠧᠨ᠂ ᠬᠤᠲᠠ ᠶᠢᠨ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠤᠬᠠᠭᠤᠯᠬᠤ ᠬᠡᠯᠲᠡᠰ ᠤᠨ ᠳᠠᠷᠤᠭ᠎ᠠ ᠯᠢ ᠵᠢᠶᠠᠨ ᠵᠢᠶᠦ᠋ᠨ᠂ ᠬᠤᠲᠠ ᠶᠢᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠳᠡᠳ᠋ ᠡᠷᠬᠢᠯᠡᠭᠴᠢ ᠱᠧᠨ ᠼᠠᠢ ᠵᠢᠶᠦ᠋ᠨ᠂ ᠬᠤᠲᠠ ᠶᠢᠨ ᠤᠯᠤᠰ ᠲᠥᠷᠥ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ ᠨᠠᠰᠤᠨᠪᠠᠲᠤ ᠠᠵᠢᠯᠯᠠᠭ᠎ᠠ ᠳᠤ ᠣᠷᠣᠯᠴᠠᠪᠠ᠃    ᠡᠬᠢᠯᠡᠯᠲᠡ ᠶᠢᠨ ᠶᠣᠰᠣᠯᠠᠯ ᠳᠡᠭᠡᠷ᠎ᠡ᠂ ᠵᠠᠩ ᠶᠦᠩ ᠸᠧᠨ ᠤᠯᠠᠭᠠᠨᠴᠠᠪ ᠬᠤᠲᠠ ᠶᠢᠨ 2024 ᠣᠨ ᠤ ︽ᠦᠨᠳᠦᠰᠦᠲᠡᠨ ᠤ ᠲᠥᠷᠥ ᠶᠢᠨ ᠪᠣᠳᠣᠯᠭ᠎ᠠ ᠶᠢᠨ ᠤᠬᠠᠭᠤᠯᠭ᠎ᠠ ᠶᠢᠨ ᠰᠠᠷ᠎ᠠ︾᠂ ︽ᠦᠨᠳᠦᠰᠦᠲᠡᠨ ᠤ ᠬᠠᠤᠯᠢᠵᠢᠯ ᠤᠨ ᠤᠬᠠᠭᠤᠯᠭ᠎ᠠ ᠶᠢᠨ ᠭᠠᠷᠠᠭ︾ ᠵᠢᠩᠬᠢᠨᠢ ᠪᠠᠷ ᠡᠬᠢᠯᠡᠭᠰᠡᠨ ᠢ ᠵᠠᠷᠯᠠᠪᠠ᠃ ᠯᠢ ᠵᠢᠶᠠᠨ ᠵᠢᠶᠦ᠋ᠨ ᠲᠣᠰ ᠤᠳᠠᠭᠠᠨ ᠤ ᠠᠵᠢᠯᠯᠠᠭ᠎ᠠ ᠳᠤ ᠪᠠᠶᠠᠷ ᠤᠨ ᠦᠭᠡ ᠬᠡᠯᠡᠪᠡ ᠃ ᠠᠷᠪᠠᠨ ᠨᠢᠭᠡᠳᠦᠭᠡᠷ ᠪᠦᠯᠦᠭ ᠤᠨ ᠪᠦᠬᠦ ᠤᠯᠤᠰ ᠤᠨ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠵᠢᠱᠢᠶ᠎ᠡ ᠦᠵᠡᠭᠦᠯᠬᠦ  ᠨᠢᠭᠡᠴᠢ᠂ ᠬᠤᠲᠠ ᠶᠢᠨ ᠭᠠᠯ ᠤᠨᠲᠠᠷᠠᠭᠠᠵᠤ ᠠᠪᠤᠷᠠᠨ ᠲᠤᠰᠠᠯᠠᠬᠤ ᠰᠠᠯᠪᠤᠷᠢ ᠠᠩᠭᠢ ᠶᠢᠨ ᠤᠯᠤᠰ ᠲᠥᠷᠥ ᠶᠢᠨ ᠭᠡᠰᠢᠭᠦᠳ ᠠᠴᠠ  ᠪᠥᠬᠦ ᠤᠯᠤᠰ ᠤᠨ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠵᠢᠱᠢᠶ᠎ᠡ ᠦᠵᠡᠭᠦᠯᠬᠦ ᠬᠤᠲᠠ ᠶᠢ ᠡᠭᠦᠳᠦᠨ ᠪᠠᠶᠢᠭᠤᠯᠬᠤ ᠰᠠᠨᠠᠭᠠᠴᠢᠯᠠᠭ᠎ᠠ ᠶᠢᠨ ᠪᠢᠴᠢᠭ ᠢ ᠤᠩᠰᠢᠨ ᠨᠡᠶᠢᠲᠡᠯᠡᠪᠡ᠃ ᠤᠳᠤᠷᠢᠳᠤᠯᠭ᠎ᠠ ᠠᠴᠠ ᠰᠤᠷᠭᠠᠭᠤᠯᠢ ᠶᠢᠨ ᠦᠵᠡᠯ ᠰᠠᠨᠠᠭ᠎ᠠ ᠤᠯᠤᠰ ᠲᠥᠷᠥ ᠶᠢᠨ ᠬᠢᠴᠢᠶᠡᠯ ᠤᠨ ᠪᠠᠭᠰᠢ ᠶᠢᠨ ᠲᠥᠯᠥᠭᠡᠯᠡᠭᠴᠢᠳ ᠲᠤ ︽ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠲᠦᠢᠮᠣᠴᠢᠯᠠᠯ︾᠎ ᠤᠨ ᠨᠣᠮ ᠪᠢᠴᠢᠭ ᠢ ᠬᠠᠨᠳᠢᠪᠯᠠᠪᠠ᠃    ᠠᠵᠢᠯᠯᠠᠭ᠎ᠠ ᠳᠤ ᠪᠠᠰᠠ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ︽ᠨᠢᠭᠡ ᠲᠣᠭᠤᠷᠢᠭ ᠨᠢᠭᠡ ᠦᠢᠯᠡᠳᠬᠦᠨ︾᠎ ᠤ ᠦᠵᠡᠭᠦᠯᠭᠡ ᠶᠢᠨ ᠲᠣᠭᠤᠷᠢᠭ ᠪᠠ ᠦᠨᠳᠦᠰᠦᠲᠡᠨ ᠤ ᠣᠨᠣᠯ ᠲᠥᠷᠥ ᠶᠢᠨ ᠪᠣᠳᠣᠯᠭ᠎ᠠ ᠶᠢᠨ ᠤᠬᠠᠭᠤᠯᠭ᠎ᠠ ᠶᠢᠨ ᠦᠵᠡᠭᠦᠯᠭᠡ ᠶᠢᠨ ᠲᠣᠭᠤᠷᠢᠭ ᠭᠠᠷᠭᠠᠵᠤ᠂ ᠣᠯᠠᠨ ᠲᠦᠮᠡᠨ ᠳᠤ ᠤᠬᠠᠭᠤᠯᠭ᠎ᠠ ᠶᠢᠨ ᠮᠠᠲ᠋ᠧᠷᠢᠶᠠᠯ ᠪᠠ ᠳᠤᠷᠠᠰᠬᠠᠯ ᠤᠨ ᠪᠣᠳᠠᠰ ᠲᠠᠷᠬᠠᠭᠠᠵᠤ᠂  ᠦᠨᠳᠦᠰᠦᠲᠡᠨ ᠨᠦᠭᠦᠳ ᠤᠨ ᠺᠠᠳ᠋ᠷ ᠣᠯᠠᠨ ᠲᠦᠮᠡᠨ ᠢ ᠬᠥᠮᠦᠵᠢᠭᠦᠯᠦᠨ ᠵᠢᠯᠣᠭᠤᠳᠴᠤ ᠪᠠᠶᠢᠭᠠᠳ ᠨᠠᠮ ᠤᠨ ᠠᠴᠢ ᠳᠤ ᠨᠠᠩ ᠦᠨᠡᠨ ᠰᠡᠳᠬᠢᠯ ᠠᠴᠠ ᠪᠠᠨ ᠲᠠᠯᠠᠷᠬᠠᠵᠤ᠂ ᠨᠠᠮ ᠤᠨ ᠦᠭᠡ ᠶᠢ ᠰᠣᠨᠣᠰᠴᠤ᠂ ᠨᠠᠮ ᠢᠶᠠᠨ ᠳᠠᠭᠠᠬᠤ ᠪᠣᠯᠭᠠᠬᠤ ᠬᠡᠷᠡᠭᠲᠡᠶ᠃ ᠲᠤᠬᠠᠶ ᠶᠢᠨ ᠲᠠᠯᠠᠪᠤᠷ ᠲᠤ ᠬᠠᠶᠢᠷ᠎ᠠ ᠬᠠᠯᠠᠮᠵᠢ ᠶᠢᠨ ᠠᠯᠪᠠᠨ ᠵᠢᠷᠤᠮ ᠤᠨ ᠡᠮᠴᠢᠯᠡᠭᠡ ᠵᠡᠷᠭᠡ ᠠᠵᠢᠯᠯᠠᠭ᠎ᠠ ᠶᠢ ᠵᠡᠷᠭᠡᠪᠡᠷ ᠥᠷᠨᠢᠭᠦᠯᠵᠦ᠂ ᠦᠢᠯᠡᠴᠢᠯᠡᠭᠡᠨ ᠤ ᠨᠡᠪᠲᠡᠷᠡᠯᠴᠡᠭᠡ ᠪᠠᠷ ᠳᠠᠮᠵᠢᠭᠤᠯᠤᠨ᠂ ︽ᠪᠢ ᠣᠯᠠᠨ ᠲᠦᠮᠡᠨ ᠳᠤ ᠪᠣᠳᠠᠲᠠᠶ ᠠᠵᠢᠯ ᠬᠢᠵᠦ  ᠦᠭᠬᠦᠨ᠎ᠡ︾᠎ ᠶᠢ ᠦᠨᠡᠨ ᠬᠦ ᠪᠣᠳᠠᠲᠠᠶ ᠳᠤ ᠨᠠᠶᠢᠳᠠᠪᠤᠷᠢᠵᠢᠭᠤᠯᠪᠠ᠃    ᠡᠭᠦᠨ ᠠᠴᠠ ᠭᠠᠳᠠᠨ᠎ᠠ᠂ ᠵᠢᠨᠢᠩ ᠲᠣᠭᠤᠷᠢᠭ ᠤᠨ ᠤᠯᠠᠭᠠᠨᠮᠥ᠋ᠴᠢᠷ ᠲᠤᠬᠠᠶ ᠶᠢᠨ ᠲᠠᠯᠠᠪᠠᠶ ᠶᠢᠨ ᠣᠯᠠᠨ ᠲᠦᠮᠡᠨ ᠳᠤ ᠳᠠᠭᠤᠤ ᠪᠥᠵᠢᠭ ︽ᠰᠢᠨ᠎ᠡ ᠵᠢᠨᠢᠩ ᠢ ᠬᠠᠩᠭᠢᠨᠠᠭᠤᠯᠤᠶ᠎ᠠ︾᠂ ᠮᠣᠷᠢᠨ ᠬᠤᠭᠤᠷ  ︽ᠤᠮᠠᠷᠠᠲᠤ ᠬᠢᠯᠢ ᠶᠢᠨ ᠰᠤᠷᠲᠠᠯ︾᠂ ᠪᠥᠵᠢᠭ ︽ᠤᠮᠠᠷᠠᠲᠤ ᠬᠢᠯᠢ ᠶᠢᠨ ᠢᠷᠥᠭᠡᠯ︾᠂ ᠤᠷᠲᠤ ᠶᠢᠨ ᠳᠠᠭᠤᠤ ︽ᠥᠷᠭᠡᠨ ᠠᠭᠤᠳᠠᠮ ᠲᠠᠯ᠎ᠠ ᠨᠤᠲᠤᠭ︾ ᠵᠡᠷᠭᠡ ᠲᠣᠭᠯᠠᠯᠲᠠ ᠶᠢ ᠲᠣᠭᠯᠠᠵᠤ᠂ ᠫᠷᠤᠭ᠍ᠷᠠᠮ ᠤᠨ ᠠᠭᠤᠯᠭ᠎ᠠ ᠨᠢ ︽ᠬᠦᠰᠡᠯ ᠨᠠᠶᠢᠳᠠᠯᠭ᠎ᠠ ᠶᠢ ᠪᠠᠲᠤ ᠴᠡᠭᠡᠵᠢᠯᠡᠵᠦ᠂ ᠠᠴᠢ ᠡᠨᠡᠷᠢᠯ ᠳᠤ ᠲᠠᠯᠠᠷᠬᠠᠨ ᠡᠷᠡᠯᠬᠡᠭᠯᠡᠨ ᠤᠷᠤᠭᠰᠢᠯᠠᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠤᠨ ᠵᠢᠱᠢᠶ᠎ᠡ ᠦᠵᠡᠭᠦᠯᠬᠦ ᠣᠷᠣᠨ ᠢ ᠪᠥᠬᠦ ᠲᠠᠯ᠎ᠠ ᠪᠠᠷ ᠪᠥᠲᠥᠭᠡᠨ ᠪᠠᠶᠢᠭᠤᠯᠬᠤ︾ ᠭᠤᠤᠯ ᠰᠡᠳᠦᠪ ᠲᠠᠢ ᠨᠢᠭᠲᠠ ᠤᠶᠠᠯᠳᠤᠭᠤᠯᠤᠨ᠂ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠬᠥᠮᠦᠵᠢᠯ ᠢ ᠤᠯᠠᠮ ᠨᠢᠭᠡ ᠠᠯᠬᠤᠮ ᠭᠦᠨᠵᠡᠭᠡᠶᠢᠷᠡᠭᠦᠯᠵᠦ᠂ ᠦᠨᠳᠦᠰᠦᠲᠡᠨ ᠤ ᠰᠢᠯᠢᠳᠡᠭ ᠤᠯᠠᠮᠵᠢᠯᠠᠯᠲᠤ ᠰᠣᠶᠣᠯ ᠢ ᠤᠯᠠᠮᠵᠢᠯᠠᠵᠤ᠂ ᠦᠨᠳᠦᠰᠦᠲᠡᠨ ᠤ ᠪᠦᠯᠬᠦᠮᠳᠡᠯ ᠤᠨ ᠢᠳᠡᠪᠬᠢ ᠬᠦᠴᠦᠨ ᠢ ᠳᠠᠮᠵᠢᠭᠤᠯᠵᠠᠶ᠃    ᠬᠤᠲᠠ ᠲᠣᠭᠤᠷᠢᠭ ᠤᠨ ᠬᠤᠶᠠᠷ ᠱᠠᠲᠤᠨ ᠤ ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ ᠤᠨ ᠭᠡᠰᠢᠭᠦᠨ ᠨᠢᠭᠡᠴᠢ ᠂ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ ᠤᠨ ᠭᠡᠰᠢᠭᠦᠨ᠂ ᠤᠯᠤᠰ᠂ ᠥᠪᠡᠷᠲᠡᠭᠡᠨ ᠵᠠᠰᠠᠬᠤ ᠣᠷᠣᠨ ᠪᠠ ᠬᠤᠲᠠ ᠶᠢᠨ ᠱᠠᠲᠤᠨ ᠤ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠵᠢᠱᠢᠶ᠎ᠡ ᠦᠵᠡᠭᠦᠯᠬᠦ ᠨᠢᠭᠡᠴᠢ ᠶᠢᠨ 400 ᠭᠠᠷᠤᠶ ᠠᠵᠢᠯᠲᠠᠨ ᠠᠵᠢᠯᠯᠠᠭ᠎ᠠ ᠳᠤ ᠣᠷᠣᠯᠴᠠᠪᠠ᠃    ᠤᠶᠢᠷ᠎ᠠ ᠶᠢᠨ ᠵᠢᠯ ᠠᠴᠠ᠂ ᠵᠢᠨᠢᠩ ᠲᠣᠭᠤᠷᠢᠭ ᠤᠨ ᠬᠢᠨ ᠶᠡᠷᠦᠩᠬᠡᠢ ᠱᠦᠵᠢ ᠰᠢ ᠶᠢᠨ ᠫᠢᠩ ᠤᠨ ᠦᠨᠳᠦᠰᠦᠲᠡᠨ ᠤ ᠠᠵᠢᠯ ᠢ ᠴᠢᠩᠭᠠᠳᠬᠠᠨ ᠰᠠᠶᠢᠵᠢᠷᠠᠭᠤᠯᠬᠤ ᠲᠤᠬᠠᠢ ᠴᠢᠬᠤᠯᠠ ᠦᠵᠡᠯ ᠰᠠᠨᠠᠭ᠎ᠠ ᠶᠢ ᠣᠨᠣᠪᠴᠢᠲᠠᠢ ᠡᠵᠡᠮᠳᠡᠬᠦ ᠪᠠ ᠪᠦᠬᠦ ᠲᠠᠯ᠎ᠠ ᠪᠠᠷ ᠲᠤᠭᠤᠰᠢᠯᠠᠭᠤᠯᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠭᠤᠣᠯ ᠱᠤᠭᠤᠮ ᠤᠨ ᠱᠠᠭᠠᠷᠳᠠᠯᠭ᠎ᠠ ᠶᠢ ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠪᠦᠬᠦ ᠶᠠᠪᠤᠴᠠ ᠶᠢᠨ ᠡᠯ᠎ᠡ ᠲᠠᠯ᠎ᠠ ᠳᠤ ᠲᠤᠭᠤᠰᠢᠯᠠᠭᠤᠯᠵᠤ᠂ ︽ᠭᠤᠷᠪᠠ ᠶᠢ ᠠᠳᠬᠤᠵᠤ ᠲᠠᠪᠤ ᠶᠢ ᠴᠢᠩᠭᠠᠳᠬᠠᠵᠤ ᠨᠢᠭᠡ ᠶᠢ ᠲᠤᠪᠤᠶᠢᠯᠭᠠᠬᠤ︾᠎ ᠪᠠᠷ ᠲᠣᠭᠲᠠᠴᠠ ᠶᠢᠨ ᠠᠷᠭ᠎ᠠ ᠵᠠᠮ ᠪᠣᠯᠭᠠᠵᠤ᠂ ᠤᠨᠤᠯ ᠢᠶᠠᠷ ᠵᠡᠪᠰᠡᠭᠯᠡᠬᠦ᠂ ᠦᠨᠳᠦᠰᠦᠨ ᠱᠠᠲᠤᠨ ᠤ ᠪᠠᠶᠢᠭᠤᠯᠤᠯᠲᠠ᠂ ᠲᠣᠭᠲᠠᠴᠠ ᠶᠢᠨ ᠪᠠᠶᠢᠭᠤᠯᠤᠯᠲᠠ ᠶᠢ ᠲᠠᠰᠤᠷᠠᠯᠲᠠ ᠦᠭᠡᠢ ᠰᠠᠶᠢᠲᠤᠷ ᠠᠳᠬᠤᠵᠤ᠂ ᠬᠤᠪᠢᠰᠬᠠᠯ ᠤᠨ ᠤᠯᠠᠮᠵᠢᠯᠠᠯ᠂ ᠰᠣᠶᠣᠯ ᠤᠨ ᠮᠡᠳᠡᠷᠡᠮᠵᠢ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ᠂ ᠠᠭᠤᠰᠤᠯᠴᠠᠨ ᠬᠥᠭᠵᠢᠬᠦ᠂ ᠬᠠᠤᠯᠢ ᠳᠦᠷᠢᠮ ᠤᠨ ᠪᠠᠶᠢᠭᠤᠯᠤᠯᠲᠠ ᠶᠢ ᠴᠢᠩᠭᠠᠳᠬᠠᠵᠤ᠂ ︽ᠦᠨᠳᠦᠰᠦᠲᠡᠨ ᠨᠦᠭᠦᠳ ᠤᠨ ᠵᠠᠯᠠᠭᠤᠴᠤᠳ ᠪᠠᠭᠠᠴᠤᠳ ᠤᠨ ᠰᠣᠯᠢᠯᠴᠠᠭᠠᠨ ᠤ ᠲᠥᠯᠥᠪᠯᠡᠭᠡ︾᠎ ᠶᠢ ᠬᠡᠷᠡᠭᠵᠢᠭᠦᠯᠬᠦ᠂ ︽ᠦᠨᠳᠦᠰᠦᠲᠡᠨ ᠨᠦᠭᠦᠳ ᠤᠨ ᠤᠯᠠᠨ ᠲᠦᠮᠡᠨ ᠤ ᠬᠠᠷᠢᠯᠴᠠᠨ ᠰᠣᠯᠢᠯᠴᠠᠭ᠎ᠠ ᠬᠢᠵᠦ ᠠᠭᠤᠰᠤᠯᠴᠠᠬᠤ ᠶᠢ ᠠᠬᠢᠭᠤᠯᠬᠤ ᠲᠥᠯᠥᠪᠯᠡᠭᠡ︾᠎ ᠶᠢ ᠰᠦᠪᠡᠭᠴᠢᠯᠡᠬᠦ ᠲᠠᠯ᠎ᠠ ᠪᠠᠷ ᠰᠢᠪᠲᠤᠯᠤᠯᠲᠠ ᠭᠠᠷᠭᠠᠵᠤ᠂ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢ ᠠᠬᠢᠭᠤᠯᠬᠤ ᠰᠢᠨ᠎ᠡ ᠪᠠᠶᠢᠷᠢᠰᠢᠯ ᠢ ᠪᠠᠶᠢᠭᠤᠯᠵᠤ᠂ ᠦᠨᠳᠦᠰᠦᠲᠡᠨ ᠨᠦᠭᠦᠳ ᠤᠨ ᠤᠯᠠᠨ ᠲᠦᠮᠡᠨ ᠤ ᠬᠦᠷᠲᠡᠮᠵᠢ ᠶᠢᠨ ᠲᠦᠷᠦᠭᠳᠡᠯ᠂ ᠵᠢᠷᠭᠠᠯᠲᠤ ᠲᠦᠷᠦᠭᠳᠡᠯ᠂ ᠠᠮᠤᠷ ᠲᠦᠪᠰᠢᠨ ᠤ ᠲᠦᠷᠦᠭᠳᠡᠯ ᠢ ᠶᠡᠬᠡᠪᠡᠷ ᠳᠡᠭᠡᠭᠰᠢᠯᠡᠭᠦᠯᠪᠡ᠃        ᠨᠠᠶᠢᠷᠠᠭᠤᠯᠤᠭᠴᠢ᠄ ᠸᠠᠩ ᠵᠢᠩ ᠵᠢᠩ᠂ ᠴᠢᠶᠤᠤ ᠮᠢᠨ ᠮᠢᠨ        ᠤᠷᠴᠢᠭᠤᠯᠤᠭᠴᠢ᠄ ᠲᠤᠶᠠᠭ᠎ᠠ    
 
ᠢᠷᠡᠯᠲᠡ᠄ ᠵᠢᠨᠢᠩ ᠲᠤᠭᠤᠷᠢᠭ ᠤᠨ ᠵᠠᠰᠠᠭ ᠤᠨ ᠤᠷᠳᠤᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2