| ᠨᠢᠭᠡ᠂ ᠣᠯᠠᠮᠵᠢᠯᠠᠯᠲᠣ ᠨᠣᠮᠤ ᠰᠣᠮᠣ ᠶᠢᠨ ᠡᠭᠦᠰᠤᠯ | ᠮᠤᠨᠢ ᠠᠭᠤᠯᠠ ᠶᠢᠨ ᠬᠠᠳᠠᠨ ᠵᠢᠷᠤᠭ ᠪᠠ ᠴᠢᠯᠠᠭᠤᠨ ᠵᠡᠪᠰᠡᠭ ᠤᠨ ᠦᠶ᠎ᠡ ᠳᠤ ᠬᠦᠮᠤᠨ ᠲᠦᠷᠦᠯᠬᠢᠲᠡᠨ ᠨᠤᠮᠤ | ᠰᠤᠮᠤ ᠶᠢ ᠡᠭᠦᠳᠴᠡᠢ ᠭᠡᠰᠡᠨ ᠢ ᠰᠤᠳᠤᠯᠭᠠᠲᠠᠳ ᠤᠨ ᠰᠤᠳᠤᠯᠤᠯ ᠨᠢᠭᠡᠨᠲᠡ ᠭᠡᠷᠡᠴᠢᠯᠡᠵᠡᠢ᠃ ᠮᠣᠩᠭᠤᠯ ᠣᠪᠣᠭ | ᠠᠶᠢᠮᠠᠭ ᠤᠳ ᠨᠤᠮᠤ ᠰᠣᠮᠣ ᠶᠢ ᠰᠢᠨ᠎ᠡ ᠴᠢᠯᠠᠭᠤᠨ ᠵᠡᠪᠰᠡᠭ ᠤᠨ ᠦᠶ᠎ᠡ ᠠᠴᠠ ᠡᠬᠢᠯᠡᠨ ᠠᠪᠢᠶᠠᠰᠯᠢᠭ ᠴᠢᠳᠠᠮᠠᠭᠠᠢ | ᠡᠵᠡᠮᠰᠢᠨ ᠬᠡᠷᠡᠭᠯᠡᠵᠦ ᠢᠷᠡᠭᠰᠡᠨ ᠭᠡᠳᠡᠭ᠃ | ᠮᠣᠩᠭᠤᠯ ᠬᠡᠦᠬᠡᠳ ᠤᠳ ᠭᠤᠷᠪᠠ ᠳᠦᠷᠪᠡᠨ ᠨᠠᠰᠤᠨ ᠠᠴᠠ ᠪᠠᠨ ᠡᠬᠢᠯᠡᠵᠦ ᠪᠤᠷᠭᠠᠰᠤ ᠮᠣᠳᠣ ᠪᠠᠷ ᠬᠠᠪᠴᠢᠬᠠᠲᠠᠢ | ᠨᠣᠮᠤ ᠬᠢᠵᠦ ᠬᠠᠷᠪᠤᠳᠠᠭ ᠨᠢ ᠮᠣᠩᠭᠤᠯ ᠤᠯᠠᠮᠵᠢᠯᠠᠯ ᠵᠠᠩᠰᠢᠯ ᠦᠪᠯᠡᠭᠳᠡᠵᠦ ᠶᠠᠪᠤᠭ᠎ᠠ ᠶᠢᠨ ᠰᠢᠨᠵᠢ ᠮᠦᠨ᠃ ᠨᠣᠮᠤ | ᠰᠣᠮᠤ ᠶᠢ ᠦᠨᠳᠤᠰᠤᠳᠠᠨ ᠤ ᠰᠣᠶᠤᠯ ᠤᠨ ᠰᠠᠯᠣᠰᠢ ᠦᠭᠡᠢ ᠬᠡᠰᠡᠭ ᠭᠡᠵᠦ ᠦᠵᠡᠳᠡᠭ ᠤᠨ ᠤᠴᠢᠷ ᠠᠴᠠ ᠲᠦᠷᠦ | ᠵᠠᠰᠠᠭ ᠪᠤᠶᠤ ᠡᠭᠡᠯ ᠲᠦᠮᠡᠨ ᠪᠠᠶᠢᠩᠭᠤ ᠠᠩᠬᠠᠷᠴᠤ᠂ ᠦᠪᠡᠷ ᠦᠪᠡᠷ ᠤᠨ ᠠᠷᠭ᠎ᠠ ᠠᠪᠴᠠᠯ ᠢᠶᠠᠷ ᠣᠯᠠᠮᠵᠢᠯᠠᠨ | ᠬᠦᠭᠵᠢᠬᠦᠯᠵᠦ ᠪᠠᠶᠢᠳᠠᠭ᠃ | ︵ᠨᠢᠭᠡ︶ ᠨᠤᠮᠣ ᠰᠣᠮᠣ ᠨᠢ ᠪᠠᠯᠠᠷ ᠡᠷᠲᠡᠨ ᠤ ᠴᠠᠭ ᠲᠤ ᠠᠮᠢᠲᠠᠨ ᠠᠷᠢᠶᠠᠲᠠᠨ ᠠᠴᠠ ᠪᠡᠶ᠎ᠡ ᠪᠠᠨ ᠬᠠᠮᠠᠭᠠᠯᠠᠬᠤ᠂ | ᠭᠦᠷᠦᠭᠡᠰᠦ ᠠᠩᠨᠠᠬᠤ᠂ ᠨᠤᠳᠤᠬ ᠣᠷᠣᠨ ᠢᠶᠠᠨ ᠲᠠᠶᠢᠰᠣᠨ ᠠᠴᠠ ᠬᠠᠮᠠᠭᠠᠯᠠᠬᠤ ᠵᠡᠪᠰᠡᠭ ᠪᠠᠶᠢᠭᠰᠠᠨ ᠪᠣᠯ ᠣᠳᠣ | ᠪᠣᠯᠬᠤ ᠳᠤ ᠪᠠᠶ᠎ᠡ ᠲᠠᠮᠢᠷ ᠤᠨ ᠰᠤᠶᠤᠯ ᠤᠨ ᠨᠢᠭᠡ ᠲᠦᠷᠦᠯ ᠪᠣᠯᠣᠨ ᠬᠦᠭᠵᠢᠨ ᠬᠤᠪᠢᠷᠠᠵᠠᠢ᠃ ᠡᠭᠦᠰᠦᠯ | ᠭᠠᠷᠣᠯ ᠠᠴᠠ ᠨᠢ ᠠᠪᠴᠦ ᠦᠵᠡᠪᠡᠯ᠂ ᠬᠠᠯᠬ᠎ᠠ ᠬᠠᠷᠪᠣᠭᠠᠨ ᠤ ᠨᠣᠮᠤ ᠨᠢ ᠣᠷᠲᠣ ᠬᠢᠴᠢᠷᠲᠠᠢ᠂ ᠡᠪᠡᠷ ᠡᠯᠢᠭᠡᠲᠡᠢ᠂ | ᠰᠢᠷᠮᠦᠰᠦᠨ ᠠᠷᠣ ᠲᠠᠢ︔ ᠪᠣᠷᠢᠶᠠᠳ ᠬᠠᠷᠪᠣᠭᠠᠨ ᠤ ᠨᠣᠮᠤ ᠨᠢ ᠬᠢᠴᠢᠷ ᠪᠣᠭᠤᠨᠢᠲᠠᠢ᠂ ᠬᠠᠶᠢᠭᠤᠯᠭᠦᠢ᠂ ᠡᠪᠡᠷ | ᠡᠯᠢᠭᠡᠲᠠᠢ︔ ᠣᠷᠢᠶᠠᠩᠬᠠᠢ ᠨᠣᠮᠤ ᠨᠢ 2m ᠣᠷᠲᠣ ᠬᠤᠰᠤ ᠮᠣᠳᠣᠨ ᠤ ᠬᠤᠶᠠᠷ ᠦᠵᠦᠭᠦᠷ ᠲᠤ ᠬᠡᠷᠴᠢᠭᠡᠰᠦ | ᠭᠠᠷᠭᠠᠨ ᠬᠦᠪᠴᠢᠯᠡᠳᠡᠭ ᠮᠣᠳᠣᠨ ᠨᠣᠮᠤ ᠲᠠᠢ᠃ ᠰᠡᠭᠦᠯ ᠤᠨ ᠦᠶ᠎ᠡ ᠳᠤ ᠪᠣᠷᠢᠶᠠᠳ᠂ ᠣᠷᠢᠶᠠᠩᠬᠠᠢ ᠬᠠᠷᠪᠣᠭ᠎ᠠ ᠨᠢ | ᠬᠠᠯᠬ᠎ᠠ ᠡᠪᠡᠷ ᠡᠯᠢᠭᠡᠲᠠᠢ᠂ ᠰᠢᠷᠮᠦᠰᠦᠨ ᠠᠷᠣ ᠲᠠᠢ ᠨᠤᠮᠣ ᠪᠠᠷ ᠭᠤᠣᠯᠯᠠᠨ ᠬᠠᠷᠪᠣᠵᠣ ᠪᠠᠶᠢᠨ᠎ᠠ᠃ ᠡᠨᠡ ᠭᠤᠷᠪᠠᠨ | ᠬᠠᠷᠪᠣᠭ᠎ᠠ ᠶᠢᠨ ᠬᠠᠷᠪᠣᠬᠤ ᠵᠠᠢ᠂ ᠣᠨᠣᠬᠤ ᠫᠠᠢ᠂ ᠬᠠᠷᠪᠣᠭᠠᠨ ᠤ ᠲᠢᠭ ᠵᠢᠷᠣᠮ ᠨᠢ ᠦᠪᠡᠷ ᠦᠪᠡᠷ ᠤᠨ ᠦᠪᠡᠷᠮᠢᠴᠠ | ᠣᠨᠴᠠᠯᠢᠭ ᠢ ᠬᠠᠷᠠᠭᠤᠯᠣᠭᠰᠠᠨ ᠬᠤᠪᠴᠠᠰᠣ ᠵᠠᠰᠠᠯ ᠲᠠᠢ᠂ ᠬᠠᠮᠲᠣ ᠶᠢᠨ ᠪᠠ ᠬᠤᠪᠢ ᠬᠦᠮᠦᠨ ᠤ ᠬᠠᠷᠪᠣᠭ᠎ᠠ ᠨᠢ | ᠦᠪᠡᠷᠮᠢᠴᠠ ᠠᠷᠭ᠎ᠠ ᠠᠪᠴᠠᠯ ᠣᠯᠠᠮᠵᠢᠯᠠᠯ ᠲᠠᠢ ᠪᠠᠶᠢᠳᠠᠬ᠃ | ᠦᠨᠳᠦᠰᠦᠲᠡᠨ ᠤ ᠰᠤᠷ ᠤᠨ ᠬᠠᠷᠪᠤᠭᠠᠨ ᠤ ᠨᠣᠮᠤ ᠰᠤᠮᠤ ᠨᠢ ᠮᠠᠨ ᠤ ᠡᠷᠲᠡᠨ ᠤ ᠣᠯᠠᠮᠵᠢᠯᠠᠯᠲᠣ ᠰᠣᠶᠤᠯ ᠵᠠᠩᠰᠢᠯ᠂ | ᠵᠠᠩ ᠦᠢᠯᠡ ᠶᠢᠨ ᠢᠯᠡᠷᠬᠡᠶᠢᠯᠡᠯ ᠶᠠᠭᠠᠬᠢᠬᠤ ᠠᠷᠭ᠎ᠠ ᠦᠭᠡᠢ ᠮᠦᠨ ᠪᠢᠯᠡ᠃ ᠣᠯᠠᠨ ᠮᠢᠩᠭᠠᠨ ᠵᠢᠯ ᠤᠨ | ᠳᠡᠷᠲᠡᠭᠡ ᠠᠴᠠ ᠦᠪᠯᠡᠭᠳᠡᠨ ᠨᠣᠮᠤ ᠰᠤᠮᠤ ᠨᠢ ᠴᠠᠭ ᠦᠶ᠎ᠡ ᠲᠠᠢ ᠪᠠᠨ ᠣᠶᠠᠯᠳᠣᠨ ᠬᠦᠭᠵᠢᠵᠦ ᠢᠷᠡᠭᠰᠡᠨ ᠲᠡᠦᠬᠡᠨ | ᠤᠯᠠᠮᠵᠢᠯᠠᠯᠲᠠᠢ ᠠᠷᠠᠳ ᠤᠨ ᠭᠠᠷ ᠤᠷᠠᠯᠠᠯ ᠮᠦᠨ᠃ | ︵ᠬᠤᠶᠠᠷ︶ ᠠᠯᠢ ᠡᠷᠳᠠ ᠮᠣᠩᠭᠤᠯ ᠭᠠᠷ ᠤᠷᠠᠴᠤᠳ ᠤᠨ ᠨᠤᠮᠤ ᠰᠤᠮᠤ ᠬᠢᠭᠰᠡᠨ ᠵᠣᠷᠢᠯᠭ᠎ᠠ ᠨᠢ ᠠᠩ ᠠᠪᠠ | ᠬᠢᠬᠦ᠂ ᠨᠤᠳᠤᠬ ᠣᠷᠣᠨ ᠢᠶᠠᠨ ᠬᠠᠷᠢ ᠶᠢᠨ ᠳᠠᠶᠢᠰᠤᠨ ᠠᠴᠠ ᠬᠠᠮᠠᠭᠠᠯᠠᠬᠤ ᠶᠢᠨ ᠲᠦᠯᠦᠭᠡ ᠨᠡᠭᠦᠳᠡᠯᠴᠢᠨ ᠮᠣᠩᠭᠤᠯ ᠤᠨ | ᠠᠬᠤᠢ ᠨᠦᠬᠦᠴᠡᠯ ᠳᠤ ᠵᠣᠬᠢᠴᠠᠭᠰᠠᠨ ᠮᠣᠷᠢᠨ ᠳᠡᠭᠡᠷ᠎ᠡ ᠠᠴᠠ ᠬᠠᠷᠪᠤᠬᠤ᠂ ᠨᠠᠮᠨᠠᠬᠤ ᠦᠢᠯᠠᠳᠦᠯ ᠬᠢᠬᠦ ᠪᠣᠯᠤᠮᠵᠢᠲᠠᠢ | ᠪᠠᠶᠢᠭᠰᠠᠨ ᠢᠶᠠᠷ ᠢᠶᠠᠨ ᠣᠨᠴᠠᠯᠢᠭ ᠲᠠᠢ᠃ ᠡᠷᠲᠡᠨ ᠤ ᠮᠣᠩᠭᠤᠯᠴᠤᠳ ᠦᠪᠡᠷᠰᠡᠳ ᠤᠨ ᠡᠳ᠋ᠯᠡᠵᠦ ᠬᠡᠷᠡᠭᠯᠡᠵᠦ | ᠪᠠᠶᠢᠭᠰᠠᠨ ᠭᠠᠷ ᠳᠤ ᠬᠢ ᠮᠠᠲ᠋ᠧᠷᠢᠶᠠᠯ ᠢᠶᠠᠨ ᠠᠰᠢᠭᠯᠠᠨ ᠨᠣᠮᠤ ᠰᠣᠮᠤ ᠶᠢ ᠤᠷᠠᠯᠠᠨ ᠪᠦᠲᠦᠭᠡᠵᠦ ᠪᠠᠶᠢᠵᠠᠢ᠃ | ᠲᠤᠬᠠᠶᠢᠯᠠᠪᠠᠯ᠄ ᠶᠡᠭᠡ ᠪᠡᠶ᠎ᠡ ᠶᠢ ᠬᠤᠰᠤ᠂ ᠬᠠᠷ᠎ᠠ ᠮᠣᠳᠣ᠂ ᠦᠬᠡᠷ ᠤᠨ ᠡᠪᠡᠷ᠂ ᠪᠣᠲᠠ ᠶᠢᠨ ᠰᠢᠷᠪᠦᠰᠦ ᠪᠠᠷ᠂ | ᠨᠣᠮᠤᠨ ᠤ ᠬᠦᠪᠴᠢ ᠶᠢ ᠪᠣᠳᠠ ᠮᠠᠯ ᠤᠨ ᠦᠯᠦᠨ ᠭᠡᠳᠡᠰᠦ ᠮᠣᠰᠭᠢᠨ ᠬᠠᠲᠠᠭᠠᠭᠠᠳ ᠬᠢᠵᠦ ᠪᠠᠶᠢᠭᠰᠠᠨ᠃ | ᠰᠣᠮᠤ ᠶᠢ ᠨᠢ ᠰᠢᠯᠤᠭᠤᠬᠠᠨ ᠮᠣᠳᠤ ᠶᠢᠨ ᠦᠵᠦᠭᠦᠷ ᠲᠤ ᠴᠢᠯᠠᠭᠤᠨ ᠵᠡᠪᠡ ᠪᠣᠶᠤ ᠬᠦᠷᠡᠯ ᠲᠠᠮᠦᠷ ᠵᠡᠪᠡ ᠪᠠᠷ ᠬᠢᠵᠦ | ᠪᠦᠲᠦᠭᠡᠵᠡᠢ᠃ | ᠨᠣᠮᠤ ᠰᠣᠮᠣ ᠨᠢ ᠠᠰᠤᠷᠦ ᠡᠷᠲᠡᠨ ᠤ ᠲᠡᠦᠬᠡ ᠲᠠᠢ ᠪᠦᠭᠡᠳ ᠨᠠᠶᠢᠭᠡᠮ ᠤᠨ ᠬᠦᠭᠵᠢᠯᠲᠡ ᠶᠢ ᠳᠠᠭᠠᠯᠳᠣᠨ | ᠣᠯᠠᠮᠵᠢᠯᠠᠯ ᠢᠶᠠᠨ ᠠᠯᠳᠠᠭ᠎ᠠ ᠦᠭᠡᠢ ᠮᠦᠷᠲᠡᠭᠡᠨ ᠤᠯᠠᠮ ᠪᠣᠯᠪᠠᠰᠣᠷᠠᠩᠭᠤᠢ ᠪᠣᠯᠤᠨ ᠬᠦᠭᠵᠢᠵᠦ ᠢᠷᠡᠭᠰᠡᠨ ᠶᠤᠮ᠃ | ᠨᠤᠮᠤ ᠨᠢ ᠴᠢᠨᠠᠷ ᠪᠦᠲᠦᠴᠡ᠂ ᠬᠡᠪ ᠵᠠᠭᠪᠣᠷ ᠤᠨ ᠬᠤᠪᠢ ᠳᠤ ᠮᠤᠩᠭᠤᠯ ᠳᠤ 1990 ᠣᠨ ᠬᠦᠷᠲᠡᠯ᠎ᠡ ᠲᠡᠭᠡᠷ᠎ᠡ | ᠦᠶ᠎ᠡ ᠶᠢᠨ ᠡᠪᠡᠷ ᠵᠠᠭᠪᠣᠷ ᠢᠶᠠᠨ ᠵᠠᠯᠭᠠᠮᠵᠢᠯᠠᠵᠣ ᠢᠷᠡᠵᠠᠢ᠃ 1960 ᠣᠨ ᠠᠴᠠ ᠤᠯᠠᠮᠵᠢᠯᠠᠯᠲᠤ ᠨᠣᠮᠤ ᠰᠣᠮᠤ ᠶᠢ | ᠣᠷᠤᠨ ᠨᠣᠲᠤᠭ ᠲᠤ ᠤᠷᠠᠯᠠᠨ ᠬᠢᠬᠦ ᠠᠵᠢᠯ ᠰᠡᠷᠭᠦᠵᠦ ᠢᠷᠡᠭᠰᠡᠨ ᠶᠤᠮ᠃ ᠦᠪᠦᠷ ᠮᠤᠩᠭᠤᠯ ᠤᠷᠤᠨ ᠳᠤ 2000 | ᠤᠨ ᠠᠴᠠ ᠨᠠᠭᠠᠰᠢ ᠨᠤᠮᠤ ᠰᠤᠮᠤ ᠬᠢᠬᠦ ᠬᠦᠮᠤᠨ ᠤᠯᠠᠨ ᠪᠤᠯᠵᠠᠢ᠃ ᠵᠢᠱᠢᠶᠡᠯᠡᠪᠡᠯ᠂ ᠪᠠᠷᠠᠭᠤᠨ ᠪᠠᠭᠠᠷᠢᠨ ᠤ | ᠰᠡᠴᠡᠨᠮᠦ᠋ᠩᠭᠡ ᠵᠡᠷᠭᠡ ᠠᠷᠠᠳ ᠤᠨ ᠳᠤᠮᠳᠠᠬᠢ ᠭᠠᠷ ᠤᠷᠠᠯᠢᠬᠴᠢᠨ ᠤᠯᠠᠮ ᠢᠶᠠᠷ ᠤᠯᠠᠰᠢᠷᠠᠵᠤ ᠪᠠᠶᠢᠨ᠎ᠠ᠃ | ᠮᠣᠩᠭᠤᠯ ᠦᠨᠳᠤᠰᠦᠲᠡᠨ ᠤ ᠣᠯᠠᠮᠵᠢᠯᠠᠯᠲᠣ ᠨᠣᠮᠤ ᠰᠣᠮᠣ ᠶᠢ ᠳᠡᠭᠡᠷ᠎ᠡ ᠦᠶ᠎ᠡ ᠠᠴᠠ ᠮᠣᠩᠭᠤᠯᠴᠣᠳ | ᠦᠪᠡᠷᠰᠡᠳ ᠢᠶᠠᠨ ᠰᠠᠨᠠᠭᠠᠴᠢᠯᠠᠨ ᠬᠦᠴᠦ ᠴᠢᠳᠠᠯ ᠢ ᠨᠢ ᠰᠠᠶᠢᠵᠢᠷᠠᠭᠤᠯᠬᠤ᠂ ᠰᠣᠮᠣᠨ ᠤ ᠲᠣᠰᠣᠯᠲᠠ ᠶᠢ ᠬᠤᠯᠠ | ᠪᠣᠯᠭᠠᠬᠤ ᠭᠡᠵᠦ ᠣᠯᠠᠨ ᠵᠦᠢᠯ ᠢ ᠰᠢᠨᠠᠴᠢᠯᠠᠵᠣ ᠢᠷᠡᠭᠰᠡᠨ ᠶᠤᠮ᠃ | ᠬᠤᠶᠠᠷ᠂ ᠣᠯᠠᠮᠵᠢᠯᠠᠯᠲᠣ ᠨᠣᠮᠤ ᠰᠣᠮᠣ ᠶᠢᠨ ᠬᠢᠴᠡ | ︵ᠨᠢᠭᠡ︶ ︽ᠪᠠᠯᠠᠷ ᠡᠷᠲᠡᠨ ᠤ ᠠᠩᠴᠢᠳ ᠠᠷᠢᠶᠠᠲᠠᠨ ᠤ ᠠᠷᠠᠰᠦ ᠪᠠᠷ ᠪᠡᠶ᠎ᠡ ᠪᠠᠨ ᠬᠤᠪᠴᠠᠯᠠᠵᠤ᠂ ᠴᠢᠯᠠᠭᠤᠨ | ᠦᠵᠦᠭᠦᠷ ᠲᠠᠢ ᠠᠩ ᠤᠨ ᠵᠢᠳᠠ ᠪᠠᠨ ᠪᠠᠷᠢᠵᠠᠭᠠᠨ᠂ ᠰᠠᠬᠤᠯᠢᠭ ᠭᠦᠨ ᠤᠢ ᠬᠦᠪᠴᠢ ᠪᠠᠷ ᠠᠩᠨᠠᠵᠦ ᠪᠠᠶᠢᠭᠠᠳ ᠨᠢᠭᠡ | ᠠᠩᠴᠢᠨ ᠨᠢ ᠨᠠᠷᠢᠬᠠᠨ ᠪᠦᠭᠳᠦᠷ ᠬᠡᠪᠲᠡᠭᠡ ᠤᠷᠭᠤᠭᠰᠠᠨ ᠮᠤᠳᠤᠨ ᠳᠤ ᠤᠷᠢᠶᠠᠩᠭᠤ ᠡᠪᠡᠰᠦ ᠤᠷᠢᠶᠠᠨ ᠵᠠᠯᠠᠯᠠᠵᠤ | ᠤᠷᠤᠭᠰᠢ ᠶᠠᠪᠤᠬᠤ ᠳᠤ ᠨᠢ ᠰᠠᠭᠠᠳ ᠪᠤᠯᠤᠭᠰᠠᠨ ᠠᠴᠠ ᠲᠡᠷᠡ ᠮᠤᠳᠤᠨ ᠤ ᠳᠡᠭᠡᠷ᠎ᠡ ᠵᠢᠳᠠ ᠪᠠᠨ ᠬᠦᠨᠳᠡᠯᠡᠨ ᠲᠠᠯᠪᠢᠵᠤ | ᠂ ᠵᠢᠳᠠᠨ ᠡᠰᠢᠨ ᠤ ᠤᠭ ᠪᠠ ᠤᠷᠢᠶᠠᠩᠭᠤ ᠡᠪᠡᠰᠤ ᠶᠢ ᠬᠠᠮᠳᠦ ᠳᠤ ᠨᠢ ᠮᠦᠴᠢᠳ ᠠᠳᠬᠤᠨ᠂ ᠠᠭᠠᠵᠢᠮ ᠰᠢᠬ | ᠬᠦᠴᠦᠯᠡᠨ ᠴᠢᠩᠭᠠᠵᠦ ᠲᠠᠰᠤᠯᠬᠤ ᠭᠡᠰᠡᠨ ᠳᠤ ᠰᠠᠨᠠᠮᠰᠠᠷ ᠦᠭᠡᠢ ᠭᠠᠷ ᠠᠴᠠ ᠨᠢ ᠮᠤᠯᠳᠤᠷᠠᠵᠦ᠂ ᠵᠢᠳᠠ ᠨᠢ | ᠤᠷᠢᠶᠠᠩᠭᠤ ᠡᠪᠡᠰᠦᠨ ᠳᠤ ᠬᠦᠪᠴᠢᠯᠡᠭᠳᠡᠨ ᠲᠡᠷᠡ ᠬᠤᠯᠠ ᠱᠤᠤᠭᠢᠨ ᠶᠠᠪᠤᠯ᠎ᠠ᠃ ᠡᠭᠦᠨ ᠢ ᠠᠩᠴᠢᠳ ᠶᠡᠭᠡ ᠯᠡ | ᠭᠠᠶᠢᠬᠠᠵᠠᠭᠠᠪᠠ︕ ᠶᠠᠮᠠᠷ ᠬᠦᠴᠦᠨ ᠵᠢᠳᠠ ᠶᠢ ᠲᠡᠶᠢᠮᠦ ᠬᠤᠯᠠ ᠬᠠᠷᠪᠤᠵᠤ ᠶᠠᠪᠤᠭᠤᠯᠤᠭᠰᠠᠨ ᠢ ᠳᠠᠬᠢᠨ ᠳᠤᠷᠰᠢᠵᠤ | ᠮᠡᠳᠡᠭᠡᠳ ᠨᠤᠮᠤ ᠰᠤᠮᠤ ᠶᠢ ᠡᠬᠢᠯᠡᠨ ᠡᠭᠦᠳᠵᠡᠢ︾ ᠬᠡᠮᠡᠨ ᠵᠢᠱᠢᠵᠦ ᠪᠤᠯᠬᠤ ᠶᠤᠮ᠃ [1] ᠬᠦᠮᠦᠨ ᠨᠡᠶᠢᠭᠡᠮ ᠤᠨ | ᠬᠦᠭᠵᠢᠯ ᠤᠨ ᠲᠡᠦᠬᠡᠨ ᠠᠴᠠ ᠦᠵᠡᠬᠦ ᠳᠤ ᠳᠡᠯᠡᠬᠡᠢ ᠶᠢᠨ ᠣᠯᠠᠨ ᠣᠯᠣᠰ ᠭᠦᠷᠦᠨ ᠨᠦᠭᠦᠳ ︽ᠬᠠᠪᠴᠢᠬᠠᠢ︾ ᠨᠣᠮᠤ | ᠬᠢᠳᠡᠭ ᠪᠠᠶᠢᠭᠰᠠᠨ ᠳᠣᠲᠣᠷ᠎ᠠ ᠠᠴᠠ ᠮᠣᠩᠭᠤᠯᠴᠣᠳ ᠬᠠᠪᠴᠢᠬᠠᠢ ᠨᠣᠮᠤ ᠶᠢ ᠰᠢᠨ᠎ᠡ ᠴᠢᠯᠠᠭᠤᠨ ᠵᠡᠪᠰᠡᠭ ᠤᠨ | ᠦᠶ᠎ᠡ ᠠᠴᠠ ᠪᠣᠰᠣᠳ ᠣᠷᠣᠨ ᠨᠤᠭᠤᠳ ᠲᠠᠢ ᠵᠡᠷᠭᠡᠴᠡᠭᠡ ᠪᠠᠷ ᠬᠢᠵᠦ ᠡᠬᠢᠯᠡᠭᠰᠡᠨ ᠶᠤᠮ᠃ ᠨᠤᠮᠤ ᠶᠢ ᠠᠩᠬ᠎ᠠ ᠨᠠᠷᠢᠨ | ᠰᠠᠯᠠᠭ᠎ᠠ ᠮᠣᠳᠣᠨ ᠤ ᠬᠤᠶᠠᠷ ᠦᠵᠦᠭᠦᠷ ᠲᠤ ᠤᠨᠢ ᠭᠠᠷᠭᠠᠵᠣ ᠲᠣᠷᠭᠤᠨ ᠦᠢᠯᠡᠳᠦᠵᠦ ᠪᠠᠶᠢᠭᠰᠠᠨ ᠪᠣᠯ | ᠶᠠᠪᠣᠭᠠᠨ ᠳᠠᠭᠠᠨ ᠡᠪᠡᠷ᠂ ᠶᠠᠰᠣᠨ ᠨᠠᠭᠠᠯᠲᠠ ᠬᠢᠵᠦ ᠬᠦᠭᠵᠢᠭᠦᠯᠦᠨ ᠬᠡᠷᠡᠭᠯᠡᠬᠦ ᠪᠣᠯᠵᠠᠢ᠃ ᠡᠪᠡᠷ ᠡᠯᠢᠭᠡᠲᠠᠢ᠂ | ᠰᠢᠷᠮᠦᠰᠦᠨ ᠠᠷᠣ ᠲᠠᠢ ᠨᠣᠮᠤ ᠬᠢᠬᠦ ᠪᠣᠯᠣᠭᠰᠠᠨ ᠨᠢ ᠨᠣᠮᠤ ᠶᠢᠨ ᠬᠦᠴᠦ ᠴᠢᠳᠠᠯ ᠢ ᠳᠡᠭᠡᠭᠰᠢᠯᠡᠭᠦᠯᠦᠭᠰᠡᠨ ᠪᠠᠶᠢᠨ᠎ᠠ᠃ | ᠮᠦᠨ ᠰᠣᠮᠣ ᠶᠢᠨ ᠳᠦᠷᠪᠡᠨ ᠲᠠᠯ᠎ᠠ ᠶᠢ ᠨᠢ ᠣᠳᠣᠲᠠᠢ ᠪᠣᠯᠭᠠᠵᠣ ᠶᠠᠩᠵᠣ ᠪᠦᠷᠢ ᠶᠢᠨ ᠬᠡᠯᠪᠡᠷᠢᠲᠡᠢ ᠬᠢᠭᠰᠡᠨ ᠨᠢ ᠰᠣᠮᠣ | ᠲᠣᠰᠬᠤ ᠬᠤᠯᠡ ᠶᠢᠨ ᠵᠠᠢ ᠶᠢ ᠨᠡᠮᠡᠭᠳᠡᠭᠦᠯᠵᠡᠢ᠃ | ︵ᠬᠤᠶᠠᠷ︶ ᠾᠦᠩᠨᠦ ᠶᠢᠨ ᠦᠶ᠎ᠡ ᠳᠤ ᠨᠤᠮᠤ ᠨᠢ ᠪᠠᠷᠢᠭᠤᠯ ᠤᠨ ᠬᠡᠰᠡᠭ ᠲᠤ ᠳᠣᠲᠣᠷ ᠲᠠᠯ᠎ᠠ ᠨᠢ ᠡᠪᠡᠷ | ᠨᠠᠭᠠᠳᠠᠭ᠂ ᠶᠠᠰᠣᠨ ᠨᠠᠭᠠᠯᠲᠠᠲᠠᠢ ᠨᠤᠮᠣ ᠬᠡᠷᠡᠭᠯᠡᠵᠦ ᠪᠠᠶᠢᠭᠰᠠᠨ ᠪᠦᠭᠡᠳ ᠨᠣᠮᠤ ᠶᠢᠨ ᠤᠷᠲᠤ ᠨᠢ | 140~160cm ᠪᠠᠶᠢᠵᠠᠢ ᠭᠡᠳᠡᠭ᠃ ᠮᠣᠩᠭᠤᠯ ᠨᠣᠮᠤ ᠶᠢ ᠳᠡᠭᠡᠷ᠎ᠡ ᠦᠶ᠎ᠡ ᠳᠤ ᠮᠠᠯ ᠤᠨ ᠠᠷᠠᠰᠤ ᠰᠢᠷᠢ ᠶᠢ | ᠪᠣᠯᠪᠠᠰᠤᠷᠠᠭᠤᠯᠤᠭᠰᠠᠨ ᠴᠠᠪᠠᠭᠤ ᠪᠠᠷ ᠬᠢᠵᠦ ᠪᠠᠶᠢᠭᠰᠠᠨ᠃ ᠮᠣᠩᠭᠤᠯ ᠳᠠᠷᠬᠠᠴᠤᠳ ︵ᠨᠣᠮᠤ ᠤᠷᠠᠯᠢᠬᠴᠢᠳ︶ ᠤᠨ | ᠤᠷᠠᠯᠠᠭᠰᠠᠨ ᠨᠣᠮᠤ ᠨᠢ ᠮᠠᠯ ᠤᠨ ᠭᠠᠷᠤᠯᠲᠠᠢ ᠲᠦᠭᠦᠬᠡᠢ ᠡᠳ᠋ ᠪᠠᠷ ᠬᠢᠭᠰᠡᠨ ᠪᠠᠶᠢᠳᠠᠭ ᠤᠴᠢᠷ ᠠᠴᠠ ᠬᠠᠯᠠᠭᠤᠨ ᠳᠤ | ᠵᠦᠭᠡᠯᠡᠷᠠᠵᠤ᠂ ᠰᠡᠷᠢᠭᠦᠨ ᠳᠤ ᠬᠠᠲᠠᠭᠤᠷᠠᠵᠤ ᠬᠤᠪᠢᠷᠠᠳᠠᠭ᠃ | ︵ᠭᠤᠷᠪᠠ︶ ᠤᠳᠤ ᠦᠶ᠎ᠡ ᠳᠤ᠂ ᠨᠤᠮᠤ ᠬᠢᠬᠦ ᠳᠤ ᠤᠷᠢᠳᠠᠪᠠᠷ ᠳᠠᠩᠰᠠ ᠪᠤᠶᠤ ᠬᠤᠯᠤᠰᠤᠨ ᠮᠤᠳᠦ ᠶᠢ ᠵᠦᠰᠤᠨ | ᠂ ᠬᠡᠮᠵᠢᠶ᠎ᠡ ᠪᠠᠷ ᠠᠳᠠᠯᠢ ᠬᠤᠶᠠᠷ ᠵᠤᠷᠪᠤᠰ ᠤᠭᠲᠤᠯᠤᠨ ᠠᠪᠴᠦ ᠵᠤᠷᠭᠤᠨ ᠵᠠᠰᠠᠭᠠᠳ᠂ ᠨᠢᠭᠡ ᠲᠠᠯ᠎ᠠ ᠳᠤ ᠨᠢ | ᠲᠡᠭᠦᠨ ᠲᠠᠢ ᠠᠳᠠᠯᠢ ᠵᠠᠰᠠᠭᠰᠠᠨ ᠡᠪᠡᠷ ᠢᠶᠠᠨ ᠵᠢᠭᠠᠰᠤᠨ ᠭᠡᠳᠡᠰᠤ ᠪᠠᠷ ᠬᠢᠭᠰᠡᠨ ᠴᠠᠪᠠᠤ ᠪᠠᠷ ᠨᠠᠭᠠᠨ᠎ᠠ᠃ ᠡᠨᠡ ᠭᠦ | ᠲᠠᠯ᠎ᠠ ᠶᠢ ᠨᠤᠮᠤ ᠶᠢᠨ ᠡᠯᠢᠭᠡ ᠭᠡᠨ᠎ᠡ᠃ ᠨᠦᠭᠦᠭᠡ ᠲᠠᠯ᠎ᠠ ᠳᠤ ᠨᠢ ᠮᠤᠷᠢᠨ ᠤ ᠵᠥ᠋ ᠳᠠᠭᠠᠭᠰᠠᠨ ᠰᠢᠷᠪᠦᠰᠦ ᠶᠢ ᠮᠤᠳᠤᠨ | ᠳᠦᠰᠢ ᠳᠡᠭᠡᠷ᠎ᠡ ᠲᠠᠯᠪᠢᠵᠤ ᠮᠤᠳᠦ ᠪᠠᠷ ᠬᠦᠪᠢᠭᠡᠳ᠂ ᠳᠠᠬᠢᠨ ᠲᠡᠮᠦᠷ ᠳᠦᠰᠢ ᠳᠡᠭᠡᠷ᠎ᠡ ᠲᠠᠯᠪᠢᠵᠤ ᠲᠡᠮᠦᠷ ᠰᠦᠬᠡ ᠪᠠᠷ | ᠰᠠᠶᠢᠲᠤᠷ ᠭᠦᠪᠢᠵᠤ ᠨᠠᠷᠢᠨ ᠰᠢᠷᠭᠡᠭ ᠪᠣᠯᠭᠠᠨ ᠵᠢᠭᠠᠰᠤᠨ ᠭᠡᠳᠡᠰᠤᠨ ᠴᠠᠪᠠᠤ ᠪᠠᠷ ᠭᠤᠷᠪᠠᠨ ᠮᠦᠷ ᠨᠠᠭᠠᠨ᠎ᠠ᠃ ᠡᠨᠡ ᠭᠦ | ᠲᠠᠯ᠎ᠠ ᠶᠢ ᠨᠤᠮᠤ ᠶᠢᠨ ᠠᠷᠤ ᠭᠡᠨ᠎ᠡ᠃ ᠲᠡᠭᠦᠨ ᠤ ᠳᠡᠭᠡᠷ᠎ᠡ ᠨᠢ ᠮᠤᠭᠠᠢ ᠶᠢᠨ ᠠᠷᠠᠰᠤ ᠨᠠᠭᠠᠨ᠎ᠠ︔ ᠡᠨᠡ ᠨᠢ | ᠴᠢᠭᠢᠭ ᠠᠴᠠ ᠬᠠᠮᠠᠭᠠᠯᠠᠬᠤ ᠦᠢᠯᠡᠳᠤᠯ ᠲᠠᠢ᠃ ᠢᠩᠬᠢᠭᠡᠳ ᠡᠨᠡ ᠬᠤᠶᠠᠷ ᠤᠨ ᠳᠤᠮᠳᠠᠬᠢ ᠠᠭᠤᠯᠵᠠᠷ ᠲᠤ ᠲᠡᠮᠡᠭᠡᠨ | ᠰᠢᠯᠪᠢ ᠪᠤᠶᠤ ᠦᠬᠡᠷ ᠤᠨ ᠰᠢᠯᠪᠢ ᠶᠢᠨ ᠶᠠᠰᠤ ᠪᠠᠷ ᠪᠠᠷᠢᠭᠤᠯ ᠬᠢᠵᠤ᠂ ᠲᠡᠭᠦᠨ ᠤ ᠭᠠᠳᠠᠭᠤᠷ ᠵᠦᠭᠡᠯᠡᠨ ᠮᠤᠳᠤᠨ | ᠦᠷᠦᠪᠳᠡᠰᠦ ᠶᠢ ᠴᠠᠪᠠᠤ ᠲᠠᠢ ᠵᠢᠭᠤᠷᠠᠨ ᠰᠢᠪᠠᠵᠤ᠂ ᠬᠤᠶᠠᠷ ᠦᠵᠤᠭᠦᠷ ᠲᠤ ᠨᠢ ᠤᠯᠠᠭᠠᠨ ᠬᠤᠰᠤ ᠪᠠᠷ ᠬᠢᠭᠰᠡᠨ | ᠬᠢᠴᠢᠷ ᠵᠠᠯᠭᠠᠨ᠎ᠠ︔ ᠪᠤᠭᠤᠨ ᠡᠪᠡᠷ ᠤᠨ ᠰᠠᠭᠤᠷᠢ ᠪᠠᠷ ᠦᠨᠳᠤᠷ ᠨᠢ 15cm᠂ ᠤᠷᠲᠤ ᠨᠢ 5~6cm ᠤᠨ | ᠶᠤᠸᠠᠮᠪᠤᠤ ᠬᠡᠯᠪᠡᠷᠢᠲᠠᠢ ᠲᠡᠪᠭᠡ ᠦᠢᠯᠡᠳᠴᠦ᠂ ᠬᠤᠶᠠᠷ ᠲᠠᠯ᠎ᠠ ᠳᠤ ᠨᠢ ᠨᠦᠬᠡᠯᠡᠵᠤ᠂ ᠨᠤᠮᠤ ᠶᠢᠨ ᠡᠯᠢᠭᠡᠨ ᠲᠠᠯ᠎ᠠ ᠳᠤ | ᠬᠢᠴᠢᠷ ᠤᠨ ᠤᠭ ᠲᠤ ᠨᠢ ᠤᠶᠠᠨ᠎ᠠ᠃ ᠲᠡᠭᠡᠭᠡᠳ ᠨᠤᠮᠤᠨ ᠳᠡᠭᠡᠷ᠎ᠡ ᠪᠠᠨ ᠬᠡ ᠤᠭᠠᠯᠵᠠ ᠰᠠᠶᠢᠯᠳᠡᠭ᠃ [2] | ᠭᠤᠷᠪᠠ᠂ ᠣᠯᠠᠮᠵᠢᠯᠠᠯᠲᠣ ᠨᠣᠮᠤ ᠰᠣᠮᠣ ᠶᠢᠨ ᠬᠠᠷᠪᠤᠵᠤ ᠨᠠᠮᠨᠠᠬᠤ ᠶᠤᠰᠤᠨ | ︵ᠨᠢᠭᠡ︶ ᠬᠠᠷᠪᠤᠵᠤ ᠨᠠᠮᠨᠠᠬᠤ ᠲᠦᠷᠦᠯ ᠵᠦᠢᠯ | 1. ᠶᠠᠪᠠᠭᠠᠨ ᠢᠶᠠᠷ ᠬᠠᠷᠪᠤᠬᠤ ︵1︶ ᠰᠠᠷᠠᠨ ᠫᠠᠢ ᠬᠠᠷᠪᠤᠬᠤ ᠮᠦᠷᠦ᠋ᠢᠴᠡᠭᠡᠨ ᠪᠤᠯ ᠡᠷᠲᠡᠨ ᠤ ᠮᠣᠩᠭᠤᠯ | ᠦᠨᠳᠦᠰᠦᠲᠡᠨ ᠤ ᠠᠯᠠᠭ ᠦᠬᠡᠷ ᠤᠨ ᠠᠷᠠᠰᠤ ᠬᠠᠷᠪᠤᠬᠤ ᠮᠦᠷᠦ᠋ᠢᠴᠡᠭᠡᠨ ᠠᠴᠠ ᠤᠯᠠᠷᠢᠨ ᠬᠦᠭᠵᠢᠵᠤ ᠢᠷᠡᠵᠡᠢ︔ | ᠦᠬᠡᠷ ᠤᠨ ᠠᠷᠠᠰᠤ ᠨᠢ ᠲᠡᠯᠡᠵᠤ ᠪᠤᠰᠬᠠᠬᠤ ᠪᠠ ᠠᠪᠴᠤ ᠶᠠᠪᠤᠬᠤ ᠳᠤ ᠳᠦᠭᠦᠮ ᠦᠭᠡᠢ ᠲᠤᠯᠠ ᠰᠠᠷᠠᠨ ᠫᠠᠢ ᠶᠢ | ᠡᠭᠦᠳᠴᠡᠢ᠃ [3] ︵2︶ ᠬᠤᠯᠠ ᠶᠢᠨ ᠬᠠᠷᠪᠤᠯᠲᠠ ᠪᠤᠯ ᠮᠣᠩᠭᠤᠯ ᠦᠨᠳᠦᠰᠦᠲᠡᠨ ᠤ ᠡᠷᠲᠡᠨ ᠤ ᠦᠶ᠎ᠡ ᠳᠤ | ᠤᠯᠠᠮᠵᠢᠯᠠᠭᠳᠠᠵᠤ ᠪᠠᠶᠢᠠᠭᠰᠠᠨ ᠨᠢᠭᠡᠨ ᠵᠦᠢᠯ ᠤᠨ ᠡᠷ᠎ᠡ ᠶᠢᠨ ᠴᠢᠳᠠᠯ ᠢ ᠰᠢᠯᠭᠠᠷᠠᠭᠤᠯᠬᠤ ᠮᠦᠷᠦ᠋ᠢᠴᠡᠭᠡᠨ ᠮᠦᠨ᠃ | ᠲᠤᠰ ᠮᠦᠷᠦ᠋ᠢᠴᠡᠭᠡᠨ ᠳᠤ ᠭᠤᠤᠯᠳᠠᠭᠤ ᠡᠷᠡᠴᠤᠳ ᠤᠨ ᠨᠤᠮᠤ ᠲᠠᠲᠠᠬᠤ ᠬᠦᠴᠤᠨ ᠴᠢᠳᠠᠯ ᠢ ᠰᠢᠯᠭᠠᠷᠠᠭᠤᠯᠬᠤ ᠲᠤᠯᠠ | ᠠᠯᠢ ᠬᠤᠯᠠ ᠬᠠᠷᠪᠤᠵᠤ ᠤᠨᠤᠬᠤ ᠪᠠᠷ ᠮᠦᠷᠦ᠋ᠢᠴᠡᠳᠡᠭ᠃ ᠡᠭᠦᠨ ᠤ ᠲᠤᠬᠠᠢ ᠴᠢᠩᠬᠢᠰ ᠤᠨ ᠴᠢᠯᠠᠭᠤᠨ | ᠪᠢᠴᠢᠭ ᠲᠤ ᠬᠢ ᠶᠢᠰᠤᠬᠡᠢ ᠮᠡᠷᠭᠡᠨ 335 ᠠᠯᠳᠠ ᠶᠢᠨ ᠭᠠᠵᠠᠷ ᠤᠨ ᠬᠠᠷᠪᠤᠭᠤᠯ ᠬᠠᠷᠪᠤᠵᠤ ᠣᠨᠣᠭᠰᠡᠨ ᠶᠠᠪᠤᠳᠠᠯ ᠪᠤᠯ | ᠨᠢᠭᠡᠨ ᠭᠡᠷᠡᠴᠢ ᠪᠠᠷᠢᠮᠲᠠ ᠮᠦᠨ᠃ [4] 2. ᠬᠦᠯᠦᠭ ᠳᠤᠪᠲᠤᠯᠭᠠᠨ ᠳᠠᠪᠬᠢᠵᠤ ᠬᠠᠷᠪᠤᠬᠤ ︵1︶ ᠤᠳᠠ | ᠬᠠᠷᠪᠤᠬᠤ ᠪᠤᠯ ᠡᠷᠲᠡ ᠳᠡᠭᠡᠷ᠎ᠡ ᠦᠶ᠎ᠡ ᠶᠢᠨ ᠶᠠᠪᠠᠭᠠᠨ ᠢᠶᠠᠷ ᠤᠳᠠ ᠬᠠᠷᠪᠤᠬᠤ ᠨᠠᠭᠠᠳᠤᠮ ᠢ ᠭᠦᠯᠦᠭ ᠤᠨ ᠨᠢᠷᠤᠭᠤᠨ | ᠳᠡᠭᠡᠷ᠎ᠡ ᠰᠢᠯᠵᠢᠭᠦᠯᠤᠭᠡᠳ ᠭᠦᠯᠦᠭ ᠤᠨ ᠵᠠᠰᠠᠯ᠂ ᠡᠷ᠎ᠡ ᠶᠢᠨ ᠮᠡᠷᠭᠡᠨ ᠢ ᠰᠢᠯᠭᠠᠷᠠᠭᠤᠯᠤᠭᠰᠠᠨ ᠨᠠᠭᠠᠳᠤᠮ ᠶᠤᠮ᠃ ᠲᠤᠰ | ᠵᠦᠢᠯ ᠤᠨ ᠨᠠᠭᠠᠳᠤᠮ ᠤᠨ ᠬᠡᠯᠪᠡᠷᠢ ᠨᠢ ᠮᠦᠨ ᠴᠤ ᠮᠣᠩᠭᠤᠯ ᠤᠨ ᠳᠡᠭᠡᠳᠤ ᠰᠢᠶᠠᠨᠪᠢ ᠠᠶᠢᠮᠠᠭ ᠤᠨ ᠦᠶ᠎ᠡ ᠠᠴᠠ | ᠤᠯᠠᠮᠵᠢᠯᠠᠵᠤ᠂ ᠬᠢᠳᠠᠨ ᠪᠤᠯᠤᠨ ᠠᠯᠲᠠᠨ ᠤᠯᠤᠰ ᠤᠨ ᠦᠶ᠎ᠡ ᠳᠤ ᠲᠡᠤᠬᠡ ᠪᠢᠴᠢᠭ ᠲᠤ ᠲᠡᠮᠳᠡᠭᠯᠡᠭᠳᠡᠨ ᠦᠯᠡᠳᠡᠭᠰᠡᠨ | ᠬᠦᠷᠦᠩᠭᠡ ᠪᠤᠯᠤᠨ᠎ᠠ᠃ [5] ︵2︶ ᠪᠦᠮᠪᠦᠭᠡ ᠨᠠᠮᠨᠠᠬᠤ ᠨᠢ ᠳᠦᠴᠢᠨ ᠲᠠᠪᠤᠨ ᠠᠯᠳᠠ ᠭᠠᠵᠠᠷ ᠢ ᠭᠤᠷᠪᠠ | ᠬᠤᠪᠢᠶᠠᠵᠤ᠂ ᠠᠷᠪᠠᠨ ᠲᠠᠪᠤᠨ ᠠᠯᠳᠠ ᠭᠠᠵᠠᠷ ᠲᠤ ᠨᠢᠭᠡᠨ ᠪᠦᠮᠪᠦᠭᠡ ᠶᠢ ᠮᠤᠷᠢ ᠲᠠᠢ ᠬᠦᠮᠦᠨ ᠤ ᠵᠡᠷᠭᠡᠯᠡᠭᠡ ᠪᠠᠷ | ᠴᠤᠪᠤᠷᠠᠭᠤᠯᠤᠨ ᠭᠤᠷᠪᠠ ᠪᠤᠰᠬᠠᠨ᠎ᠠ᠂ ᠡᠭᠦᠨ ᠢ ᠬᠡᠳᠦᠨ ᠠᠯᠬᠤᠮ ᠤᠨ ᠵᠠᠢ ᠲᠠᠢ ᠱᠤᠭᠤᠮ ᠢᠶᠠᠷ ᠮᠤᠷᠢᠨ ᠤ ᠬᠤᠷᠳᠤᠨ | ᠭᠦᠶᠤᠳᠡᠯ ᠢᠶᠠᠷ ᠬᠦᠮᠤᠨ ᠪᠦᠷᠢ ᠭᠤᠷᠪᠠᠨ ᠪᠤᠭᠤᠨᠢ ᠮᠤᠳᠤᠨ ᠰᠤᠮᠤ ᠪᠠᠷ ᠬᠠᠷᠪᠤᠵᠤ ᠦᠩᠭᠡᠷᠡᠬᠦ ᠳᠤ ᠪᠠᠨ ᠭᠤᠷᠪᠠ | ᠬᠤᠶᠠᠷ ᠪᠠ ᠨᠢᠭᠡ ᠪᠦᠮᠪᠦᠭᠡ ᠶᠢ ᠤᠨᠤᠭᠠᠭᠰᠠᠨ ᠬᠦᠮᠤᠨ ᠢ ᠱᠠᠩᠨᠠᠯ ᠳᠤ ᠤᠷᠤᠭᠤᠯᠳᠠᠭ᠃ [6] | ︵ᠬᠤᠶᠠᠷ︶ ᠮᠣᠩᠭᠤᠯ ᠦᠨᠳᠦᠰᠦᠲᠡᠨ ᠤ ᠣᠯᠠᠮᠵᠢᠯᠠᠯᠲᠣ ᠨᠣᠮᠤ ᠰᠣᠮᠣ ᠶᠢᠨ ᠬᠠᠷᠪᠤᠵᠤ ᠨᠠᠮᠨᠠᠬᠤ ᠳᠦᠷᠢᠮ | ᠶᠤᠰᠤᠨ ᠬᠠᠷᠪᠤᠯᠲᠠ ᠶᠢᠨ ᠬᠢᠷᠢ ᠪᠦᠲᠦᠮᠵᠢ ᠶᠢ ᠪᠤᠳᠤᠬᠤ ᠳᠤ ᠰᠠᠷᠠᠨ ᠫᠠᠢ ᠶᠢᠨ ᠭᠤᠤᠯ ︵ᠨᠠᠷᠠᠨ ᠭᠤᠤᠯ︶ ᠢ | ᠤᠨᠤᠭᠠᠪᠠᠯ᠂ ᠲᠠᠪᠤᠨ ᠬᠤᠪᠢ ᠲᠡᠮᠳᠡᠭᠯᠡᠵᠤ᠂ ᠲᠠᠯᠠᠪᠠᠢ ᠳᠤ ᠪᠠᠶᠢᠭ᠎ᠠ ᠤᠷᠤᠯᠴᠠᠬᠴᠢᠳ ᠪᠠ ᠦᠵᠡᠭᠴᠢᠳ ᠤᠤᠬᠠᠶᠢᠯᠠᠨ | ᠬᠠᠰᠭᠢᠷᠳᠠᠭ᠃ ᠲᠡᠭᠦᠨ ᠤ ᠭᠠᠳᠠᠨᠠᠬᠢ ᠨᠢ ᠳᠦᠷᠪᠡᠨ ᠬᠤᠪᠢ᠂ ᠭᠤᠷᠪᠠᠳᠤᠭᠠᠷ ᠴᠠᠭᠠᠷᠢᠭ ᠨᠢ ᠭᠤᠷᠪᠠᠨ ᠬᠤᠪᠢ᠂ | ᠳᠦᠷᠪᠡᠳᠦᠭᠡᠷ ᠴᠠᠭᠠᠷᠢᠭ ᠨᠢ ᠬᠤᠶᠠᠷ ᠬᠤᠪᠢ᠂ ᠬᠠᠮᠤᠭ ᠤᠨ ᠭᠠᠳᠠᠨᠠᠬᠢ ᠨᠢ ᠨᠢᠭᠡ ᠬᠤᠪᠢ᠃ ᠬᠡᠷᠪᠡ ᠬᠠᠷᠪᠤᠯᠲᠠ ᠶᠢᠨ | ᠳᠤᠮᠳᠠ ᠰᠤᠮᠤ ᠨᠢ ᠫᠠᠢ ᠳᠡᠭᠡᠷ᠎ᠡ ᠲᠤᠰᠤᠭᠠᠳ ᠬᠤᠶᠠᠷ ᠴᠠᠭᠠᠷᠢᠭ ᠤᠨ ᠳᠤᠮᠳᠠ ᠬᠠᠪᠴᠢᠬᠳᠠᠬᠤ ᠪᠤᠶᠤ ᠴᠠᠭᠠᠷᠢᠭ ᠢ | ᠤᠨᠠᠭᠠᠵᠤ ᠳᠡᠶᠢᠯᠬᠦ ᠦᠭᠡᠢ ᠪᠤᠯ ᠭᠠᠳᠠᠨᠠᠬᠢ ᠴᠠᠭᠠᠷᠢᠭ ᠤᠨ ᠬᠤᠪᠢ ᠪᠠᠷ ᠪᠤᠳᠤᠨ᠎ᠠ᠃ [7] ᠣᠳᠣ ᠪᠣᠯ | ᠲᠣᠭᠲᠠᠭᠰᠠᠨ ᠬᠡᠮᠵᠢᠶ᠎ᠡ ᠠᠴᠠ ︵ᠡᠷᠡᠭᠲᠡᠢ ᠡᠮᠡᠭᠲᠡᠢ ᠶᠢᠨ 30 ᠮᠧᠳ᠋ᠷ ᠪᠤᠶᠤ 40 ᠮᠧᠳ᠋ᠷ᠂ ᠡᠷᠡᠭᠲᠡᠢ ᠬᠡᠦᠬᠡᠳ | ᠨᠠᠰᠤᠨ ᠤ 4 ᠮᠧᠲᠷ᠂ ᠡᠮᠡᠭᠲᠡᠢ ᠬᠡᠦᠬᠡᠳ ᠨᠠᠰᠤᠨ ᠤ 3 ᠮᠧᠲᠷ︶ ᠰᠠᠷᠠᠨ ᠫᠠᠢ᠂ ᠪᠦᠯᠥᠩᠬᠡ ᠵᠡᠷᠭᠡ ᠶᠢ ᠬᠠᠷᠪᠤᠳᠠᠭ᠃ | ᠡᠮᠤᠰᠬᠡᠯ ᠵᠠᠰᠠᠯ ᠤᠨ ᠬᠤᠪᠢ ᠠᠴᠠ ᠠᠪᠴᠤ ᠦᠵᠡᠪᠡᠯ᠂ ᠦᠨᠳᠦᠰᠦᠲᠡᠨ ᠤ ᠰᠤᠷ ᠬᠠᠷᠪᠤᠭ᠎ᠠ ᠶᠢ ᠬᠠᠷᠪᠣᠳᠠᠭ ᠬᠦᠮᠦᠨ | ᠪᠦᠷ ᠤᠯᠠᠮᠵᠢᠯᠠᠯᠲᠤ ᠮᠣᠩᠭᠤᠯ ᠳᠡᠪᠡᠯ᠂ ᠮᠤᠩᠭᠤᠯ ᠮᠠᠯᠠᠭᠠᠢ᠂ ᠭᠤᠲᠤᠯ ᠡᠮᠦᠰᠬᠦ ᠶᠢᠨ ᠬᠠᠮᠲᠤ ᠲᠤᠬᠤᠢ ᠶᠢᠨ | ᠪᠣᠭᠤᠯᠲᠠ ︵ᠬᠠᠨᠴᠤᠢ ᠪᠠᠨ ᠣᠷᠢᠶᠠᠵᠤ ᠪᠣᠭᠤᠳᠠᠭ ᠰᠣᠷ ᠪᠣᠶᠤ ᠤᠳᠠᠰᠤ︶᠂ ᠰᠣᠷ ᠬᠠᠷᠪᠤᠬᠤ ᠪᠠᠷ ᠵᠣᠭᠰᠤᠭᠠᠯ | ᠳᠡᠭᠡᠷ᠎ᠡ ᠣᠴᠢᠬᠤ ᠳᠤ ᠪᠠᠨ ᠬᠠᠷᠪᠤᠬᠤ ᠰᠣᠮᠤ ᠪᠠᠨ ᠳᠣᠭᠲᠠᠭᠠᠬᠤ ᠪᠦᠰᠡ ᠬᠡᠷᠡᠭᠯᠡᠨ᠎ᠡ᠃ | ︵ᠭᠤᠷᠪᠠ︶ ᠮᠣᠩᠭᠤᠯ ᠦᠨᠳᠦᠰᠦᠲᠡᠨ ᠤ ᠣᠯᠠᠮᠵᠢᠯᠠᠯᠲᠣ ᠨᠣᠮᠤ ᠰᠣᠮᠣ ᠶᠢᠨ ᠬᠠᠷᠪᠤᠵᠤ ᠨᠠᠮᠨᠠᠬᠤ ᠴᠡᠭᠡᠷ ᠶᠤᠰᠤ | ᠨᠣᠮᠤ ᠰᠣᠮᠤ ᠨᠢ ᠴᠠᠴᠠ ᠮᠡᠷᠭᠡᠨ ᠦᠵᠡᠵᠦ ᠣᠨᠤᠵᠤ ᠬᠠᠷᠪᠤᠬᠤ ᠶᠢᠨ ᠬᠠᠮᠲᠤ ᠬᠠᠷᠪᠤᠭᠠᠴᠢᠳ ᠨᠢ ᠪᠡᠶ᠎ᠡ ᠪᠡᠶ᠎ᠡ ᠪᠠᠨ | ᠬᠦᠨᠳᠦᠳᠭᠡᠬᠦ᠂ ᠠᠬᠠᠮᠠᠳ ᠬᠠᠷᠪᠤᠭᠠᠴᠢᠳ ᠤᠨ ᠦᠭᠡ ᠰᠤᠷᠭᠠᠯ ᠢ ᠰᠣᠨᠤᠰᠬᠤ᠂ ᠠᠬᠠᠮᠠᠳ ᠪᠤᠶᠤ ᠵᠡᠷᠭᠡ ᠴᠤᠯᠠ ᠲᠠᠢ | ᠬᠦᠮᠦᠰ ᠢᠶᠠᠨ ᠬᠦᠨᠳᠦᠳᠬᠡᠨ ᠠᠶᠢᠯ ᠳᠤ ᠣᠷᠤᠭᠠᠳ ᠰᠠᠭᠤᠬᠤ ᠳᠤ ᠪᠠᠨ ᠬᠦᠷᠲᠡᠯ᠎ᠡ ᠴᠤᠯᠠ ᠶᠢᠨ ᠲᠠᠷᠠᠭᠠᠯᠠᠯ ᠢᠶᠠᠷ | ᠰᠠᠭᠤᠨ᠎ᠠ᠂ ᠲᠤᠬᠠᠶᠢᠯᠠᠪᠠᠯ᠄ ᠮᠡᠷᠭᠡᠨ ᠴᠤᠯᠠ ᠲᠠᠢ ᠬᠦᠮᠦᠰ ᠤᠨ ᠳᠠᠷᠠᠭ᠎ᠠ ᠰᠫᠣᠷᠲ ᠤᠨ ᠮᠠᠰᠲ᠋ᠧᠷ᠂ ᠲᠡᠭᠦᠨ ᠤ | ᠳᠠᠷᠠᠭ᠎ᠠ ᠠᠶᠢᠮᠠᠭ ᠰᠣᠮᠤ ᠶᠢᠨ ᠮᠡᠷᠭᠡᠴᠤᠳ ᠵᠡᠷᠭᠡ ᠬᠠᠷᠪᠤᠭᠠᠴᠢᠳ ᠤᠨ ᠰᠠᠭᠤᠬᠤ ᠵᠢᠱᠢᠶ᠎ᠡ ᠲᠠᠢ᠃ ᠬᠡᠨ ᠴᠦ | ᠱᠠᠭᠠᠷᠳᠠᠭ᠎ᠠ ᠦᠭᠡᠢ ᠡᠨᠡ ᠭᠦ᠋ ᠲᠢᠭ ᠵᠢᠷᠤᠮ ᠨᠢ ᠡᠷᠲᠡ ᠳᠡᠭᠡᠷ᠎ᠡ ᠦᠶ᠎ᠡ ᠠᠴᠠ ᠦᠨᠦᠳᠦᠷ ᠲᠤ ᠬᠦᠷᠲᠡᠯ᠎ᠡ | ᠤᠯᠠᠮᠵᠢᠯᠠᠭᠳᠠᠨ᠂ ᠬᠡᠦᠬᠡᠳ ᠵᠠᠯᠠᠭᠤᠴᠤᠳ ᠮᠦᠷᠳᠡᠨ ᠬᠡᠷᠡᠭᠵᠢᠭᠦᠯᠵᠦ ᠪᠠᠶᠢᠭ᠎ᠠ ᠨᠢ ᠵᠠᠩ ᠶᠣᠰᠤ ᠰᠤᠷᠲᠠᠬᠤᠨ ᠢ | ᠲᠦᠯᠦᠪᠰᠢᠯ ᠣᠯᠭᠤᠬᠤ ᠳᠤ ᠴᠢᠬᠤᠯᠠ ᠡᠭᠦᠷᠭᠡ ᠶᠢ ᠬᠦᠢᠴᠡᠳᠬᠡᠵᠦ ᠢᠷᠡᠵᠡᠢ᠃ ᠡᠷᠲᠡ ᠳᠡᠭᠡᠷ᠎ᠡ ᠦᠶ᠎ᠡ ᠠᠴᠠ | ᠠᠭᠤᠯᠠ ᠣᠪᠤᠭᠠᠨ ᠤ ᠲᠠᠬᠢᠯᠭ᠎ᠠ᠂ ᠮᠣᠩᠭᠤᠯ ᠤᠨ ᠣᠯᠠᠮᠵᠢᠯᠠᠯᠲᠤ ᠴᠠᠭᠠᠨ ᠰᠠᠷ᠎ᠠ ᠳᠤ ᠭᠡᠷ ᠤᠨ ᠲᠣᠭᠤᠨᠣ ᠪᠠᠷ ᠰᠣᠷ | ᠬᠠᠷᠪᠣᠵᠤ ᠲᠤᠬᠠᠢ ᠶᠢᠨ ᠠᠶᠢᠯ ᠡᠷᠦᠬᠡ ᠶᠢᠨ ᠰᠢᠨ᠎ᠡ ᠣᠨ ᠳᠤ ᠪᠠᠨ ᠠᠵᠠ ᠵᠢᠷᠭᠠᠯᠲᠠᠢ᠂ ᠣᠯᠵᠠ ᠣᠮᠤᠭ ᠲᠠᠢ᠂ | ᠡᠷᠡᠭᠦᠯ ᠡᠩᠬᠡ ᠪᠠᠶᠢᠬᠤ ᠶᠢ ᠪᠡᠯᠭᠡᠳᠡᠨ᠂ ᠮᠠᠭᠤ ᠮᠠᠭᠤᠬᠠᠢ ᠪᠦᠬᠦᠨ ᠢ ᠬᠦᠭᠡᠭᠡᠨ ᠵᠠᠶᠢᠯᠠᠭᠤᠯᠳᠠᠭ ᠵᠠᠩ ᠦᠢᠯᠡ ᠲᠠᠢ | ᠪᠠᠶᠢᠭᠰᠠᠨ ᠶᠤᠮ᠃ ᠡᠨᠡ ᠵᠠᠩᠰᠢᠯ ᠣᠳᠣ ᠴᠦ ᠦᠷᠭᠦᠯᠵᠢᠯᠡᠨ ᠣᠯᠠᠮᠵᠢᠯᠠᠭᠳᠠᠵᠣ ᠪᠠᠶᠢᠨ᠎ᠠ᠃ ᠮᠦᠨ ᠠᠶᠢᠯ ᠭᠡᠷ ᠲᠤ | ᠵᠢᠪᠠᠷ ᠡᠷᠭᠦᠬᠦ᠂ ᠮᠠᠭᠤ ᠮᠠᠭᠤᠬᠠᠢ ᠶᠢ ᠵᠠᠶᠢᠯᠠᠭᠤᠯᠬᠤ᠂ ᠠᠵᠠ ᠵᠢᠷᠭᠠᠯ ᠢ ᠠᠪᠴᠢᠷᠠᠬᠤ ᠰᠢᠳᠢ ᠲᠠᠢ ᠭᠡᠵᠦ ᠦᠵᠡᠵᠦ᠂ | ᠭᠡᠷ ᠲᠤ ᠪᠠᠨ ᠨᠣᠮᠤ ᠰᠤᠮᠤ ᠵᠠᠯᠠᠬᠤ ᠶᠣᠰᠤ ᠶᠢ ᠡᠷᠬᠢᠮᠯᠡᠬᠦ ᠨᠢ ᠵᠢᠯ ᠠᠴᠠ ᠵᠢᠯ ᠳᠤ ᠨᠡᠮᠡᠭᠳᠡᠵᠦ ᠪᠠᠶᠢᠨ᠎ᠠ᠃ ᠰᠡᠭᠦᠯ ᠤᠨ | ᠦᠶ᠎ᠡ ᠳᠤ ᠵᠠᠯᠠᠭᠤᠴᠤᠳ ᠡᠷᠲᠡᠨ ᠤ ᠤᠯᠠᠮᠵᠢᠯᠠᠯᠲᠤ ᠵᠠᠩ ᠵᠠᠩᠰᠢᠯ ᠢᠶᠠᠷ ᠭᠡᠷ ᠲᠤ ᠪᠠᠨ ᠮᠣᠷᠢᠨ ᠬᠤᠭᠤᠷ᠂ ᠨᠣᠮᠤ | ᠰᠤᠮᠤ ᠶᠢ ᠬᠦᠨᠳᠦᠲᠡᠢ ᠭᠠᠵᠠᠷ ᠢᠶᠠᠨ ᠪᠠᠶᠢᠷᠢᠯᠠᠭᠤᠯᠵᠣ᠂ ᠴᠠᠭᠠᠨ ᠰᠠᠷ᠎ᠠ᠂ ᠦᠨᠳᠦᠰᠦᠲᠡᠨ ᠤ ᠤᠯᠠᠮᠵᠢᠯᠠᠯᠲᠤ ᠪᠠᠶᠠᠷ | ᠨᠠᠭᠠᠳᠤᠮ ᠢᠶᠠᠷ ᠬᠦᠨᠳᠦᠳᠭᠡᠯ ᠦᠵᠡᠭᠦᠯᠵᠦ ᠪᠢᠰᠢᠷᠡᠨ ᠰᠢᠳᠦᠳᠡᠭ ᠵᠠᠩ ᠦᠢᠯᠡ ᠲᠠᠯᠭᠡᠷᠡᠵᠦ ᠪᠠᠶᠢᠭ᠎ᠠ ᠨᠢ | ᠤᠯᠮᠠᠵᠢᠯᠠᠯᠲᠤ ᠰᠣᠶᠤᠯ ᠢ ᠰᠤᠷᠤᠯᠴᠠᠵᠤ ᠲᠠᠯᠭᠡᠷᠡᠭᠦᠯᠵᠤ ᠪᠠᠶᠢᠭ᠎ᠠ ᠶᠢᠨ ᠢᠯᠡᠷᠡᠯ ᠮᠦᠨ᠃ | ᠳᠦᠷᠪᠠ᠂ ᠣᠯᠠᠮᠵᠢᠯᠠᠯᠲᠣ ᠨᠣᠮᠤ ᠰᠣᠮᠣ ᠶᠢᠨ ᠬᠦᠭᠵᠢᠯᠲᠡ ᠶᠢᠨ ᠬᠠᠨᠳᠤᠰᠢ | ᠮᠣᠩᠭᠤᠯ ᠦᠨᠳᠦᠰᠦᠲᠡᠨ ᠤ ᠣᠯᠠᠮᠵᠢᠯᠠᠯᠲᠣ ᠨᠣᠮᠤ ᠰᠣᠮᠣ ᠨᠢ ᠮᠤᠩᠭᠤᠯᠴᠤᠳ ᠤᠨ ᠠᠮᠢᠳᠤᠷᠠᠯ ᠤᠨ ᠴᠢᠬᠤᠯᠠ | ᠪᠠᠭᠠᠵᠢ ᠬᠡᠷᠡᠭᠰᠡᠯ ᠪᠠᠶᠢᠵᠤ᠂ ᠠᠩ ᠭᠦᠷᠤᠭᠡ ᠬᠢᠵᠤ ᠠᠳᠠᠯ ᠠᠮᠢᠳᠤᠷᠠᠯ ᠤᠨ ᠬᠡᠷᠡᠭᠴᠡᠭᠡ ᠪᠠᠨ ᠬᠠᠩᠭᠠᠵᠤ᠂ ᠳᠠᠶᠢᠨ ᠤ | ᠵᠡᠪᠰᠡᠭ ᠪᠤᠯᠵᠤ ᠳᠠᠶᠢᠰᠤᠨ ᠢ ᠬᠤᠯᠠ ᠠᠴᠠ ᠬᠠᠷᠪᠤᠵᠤ ᠠᠯᠠᠨ᠂ ᠦᠪᠡᠷ ᠤᠨ ᠴᠡᠷᠢᠭ ᠢᠶᠠᠨ ᠵᠤᠬᠢᠬᠤ ᠬᠡᠮᠵᠢᠶ᠎ᠡ ᠪᠠᠷ | ᠬᠠᠮᠠᠭᠠᠯᠠᠵᠤ ᠴᠢᠳᠠᠭᠰᠠᠨ ᠪᠠᠶᠢᠳᠠᠭ᠃ ᠨᠡᠶᠢᠭᠡᠮ ᠤᠨ ᠪᠠᠶᠢᠳᠠᠯ ᠡᠩᠬᠡ ᠲᠠᠶᠢᠪᠥᠩ ᠪᠤᠯᠤᠭᠰᠠᠨ ᠤ ᠳᠠᠷᠠᠭ᠎ᠠ ᠨᠤᠮᠤ | ᠰᠤᠮᠤ ᠶᠢ ᠴᠦᠭᠡᠨ ᠲᠤᠭᠠᠨ ᠤ ᠬᠦᠮᠤᠨ ᠦᠪᠯᠡᠵᠤ ᠤᠯᠠᠮᠵᠢᠯᠠᠭᠰᠠᠨ ᠪᠠᠶᠢᠨ᠎ᠠ᠃ ᠢᠡᠭᠬᠢᠭᠡᠳ ᠤᠯᠠᠮᠵᠢᠯᠠᠯᠲᠤ | ᠪᠡᠶ᠎ᠡ ᠶᠢᠨ ᠲᠠᠮᠢᠷ ᠤᠨ ᠵᠦᠢᠯ ᠪᠤᠯᠵᠤ᠂ ᠡᠨᠡ ᠭᠦ ᠦᠢᠯᠠᠰ ᠢ ᠪᠠᠳᠠᠷᠠᠭᠤᠯᠤᠨ ᠬᠦᠭᠵᠢᠭᠦᠯᠬᠦ ᠳᠤ ᠨᠤᠮᠤ ᠰᠤᠮᠤ ᠶᠢᠨ | ᠤᠷᠮ᠎ᠠ ᠪᠠᠭ᠋ᠠᠳᠠᠳ ᠬᠤᠪᠢ ᠬᠤᠪᠢᠨ ᠤ ᠨᠡᠮᠡᠷᠢ ᠪᠠᠨ ᠦᠵᠡᠭᠦᠯᠵᠤ ᠪᠠᠶᠢᠨ᠎ᠠ᠃ ᠤᠳᠤ ᠶᠡᠭᠡ ᠪᠠᠭ᠎ᠠ ᠨᠠᠶᠢᠷ | ᠨᠠᠭᠠᠳᠤᠮ ᠳᠤ ᠨᠤᠮᠤ ᠰᠤᠮᠤ ᠤᠷᠤᠯᠳᠤᠨ᠂ ᠴᠦᠭᠡᠨ ᠲᠤᠭᠠᠲᠤ ᠦᠨᠳᠤᠰᠤᠲᠡᠨ ᠤ ᠪᠡᠶ᠎ᠡ ᠶᠢᠨ ᠲᠠᠮᠢᠷ ᠤᠨ | ᠮᠦᠷᠦ᠋ᠢᠴᠡᠭᠡᠨ ᠳᠤ ᠦᠵᠡᠭᠦᠯᠭᠡ ᠶᠢᠨ ᠲᠦᠷᠤᠯ ᠵᠦᠢᠯ ᠢᠶᠠᠷ ᠤᠷᠤᠵᠤ᠂ ᠮᠦᠨ ᠴᠤ ᠪᠦᠬᠦ ᠤᠷᠤᠨ ᠤ ᠪᠡᠶ᠎ᠡ ᠶᠢᠨ | ᠲᠠᠮᠢᠷ ᠤᠨ ᠮᠦᠷᠦ᠋ᠢᠴᠡᠭᠡᠨ ᠳᠤ ᠤᠯᠠᠨ ᠲᠦᠮᠡᠨᠴᠢ ᠲᠠᠮᠢᠷ ᠤᠨ ᠳᠤᠭᠤᠶᠢᠯᠠᠩ ᠤᠨ ᠲᠦᠷᠤᠯ ᠵᠦᠢᠯ ᠢᠶᠠᠷ ᠤᠷᠤᠬᠰᠠᠨ | ᠪᠠᠶᠢᠨ᠎ᠠ᠃ | ᠡᠷ᠎ᠡ ᠶᠢᠨ ᠭᠤᠷᠪᠠᠨ ᠨᠠᠭᠠᠳᠤᠮ ᠤᠨ ᠨᠢᠭᠡ ᠪᠤᠯᠤᠭᠰᠠᠨ ᠨᠤᠮᠤ ᠰᠤᠮᠤ ᠨᠢ ᠤᠳᠤ ᠶᠢᠨ ᠮᠤᠩᠭᠤᠯ | ᠦᠨᠳᠤᠰᠤᠲᠡᠨ ᠤ ᠳᠤᠮᠳᠠ ᠦᠷᠭᠡᠨ ᠢᠶᠠᠷ ᠲᠠᠷᠬᠠᠭᠠᠭᠳᠠᠵᠤ᠂ ᠶᠡᠭᠡ ᠪᠠᠭ᠎ᠠ ᠨᠠᠶᠢᠷ ᠭᠡᠰᠡᠨ ᠦᠭᠡᠢ ᠪᠦᠭᠦᠳᠡ | ᠢᠳᠡᠪᠬᠢᠲᠠᠢ ᠦᠷᠨᠢᠭᠦᠯᠵᠤ᠂ ᠨᠤᠮᠤ ᠰᠤᠮᠤ ᠶᠢᠨ ᠤᠷᠤᠯᠳᠤᠭᠠᠨ ᠳᠤ ᠣᠷᠣᠯᠴᠠᠬᠤ ᠬᠦᠮᠦᠨ ᠴᠦ ᠤᠯᠠᠮ ᠢᠶᠠᠷ | ᠤᠯᠠᠰᠢᠷᠠᠵᠤ ᠪᠠᠶᠢᠨ᠎ᠠ᠃ | ᠵᠡᠭᠦᠯᠲᠡ᠄[1][2][7] ᠬᠡᠷᠡᠶᠢᠳ ᠪᠠᠬᠢᠪᠠᠲᠦ᠂ ︽ᠮᠣᠩᠭᠤᠯ ᠨᠠᠭᠠᠳᠤᠮ ᠤᠨ ᠤᠴᠢᠷ︾᠂ ᠦᠪᠦᠷ | ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2009 ᠤᠨ ᠤ 10 [3][4][5][6] | ᠠᠯᠲᠠᠨ᠋ᠧᠴᠢᠷ᠂ ︽ᠡᠷ᠎ᠡ ᠶᠢᠨ ᠭᠤᠷᠪᠠᠨ ᠨᠠᠭᠠᠳᠤᠮ︾᠂ ᠦᠪᠦᠷ ᠮᠣᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ | 2016 ᠤᠨ ᠤ 5 ᠰᠠᠷ᠎ᠠ | ᠬᠠᠶ᠋ᠢᠬ᠄ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠲᠠᠮᠢᠷ ᠤᠨ ᠳᠡᠭᠡᠳᠦ ᠰᠤᠷᠭᠠᠭᠤᠯᠢ | ︵ᠲᠤ᠋ · ᠦᠯᠵᠠᠶᠢᠰᠠᠩ ᠨᠠᠶᠢᠷᠠᠭᠤᠯᠪᠠ︶ 2018 ᠣᠨ ᠤ 9 ᠳ᠋ᠦ᠋ᠭᠡᠷ ᠬᠤᠭᠤᠴᠠᠭ᠎ᠠ | |