ᠡᠢᠢᠮᠦ ᠬᠠᠯᠠᠭᠤᠨ ᠢ ᠬᠠᠳᠠᠭᠠᠯᠠᠬᠤ ᠴᠣᠮᠣ ᠨᠢ ᠬᠠᠯᠠᠭᠤᠨ ᠤᠰᠤ ᠶᠢ ᠬᠤᠤᠷᠲᠤ ᠤᠰᠤ ᠪᠤᠯᠭᠠᠵᠤ ᠪᠠᠢᠨ᠎ᠠ ᠰᠢᠦ᠂ ᠲᠠ ᠶᠠᠭ ᠬᠡᠷᠡᠭᠯᠡᠵᠦ ᠪᠠᠢᠬᠤ ᠮᠠᠭᠠᠳ ᠦᠭᠡᠢ ᠬᠢᠴᠢᠶᠡᠭᠡᠷᠡᠢ︕
ᠨᠡᠶᠢᠲᠡᠯᠡᠭᠰᠡᠨ ᠴᠠᠭ᠄
2024/1/5
     ᠵᠠᠬ᠎ᠠ ᠳᠡᠯᠭᠡᠭᠦᠷ ᠲᠡᠭᠡᠷ᠎ᠡ ᠬᠠᠯᠠᠭᠤᠨ  ᠢ ᠬᠠᠳᠠᠭᠠᠯᠠᠬᠤ ᠴᠣᠮᠣ ᠮᠢᠩᠭ᠎ᠠ ᠲᠦᠮᠡᠨ ᠵᠦᠢᠯ  ᠤᠨ ᠪᠤᠢ᠂  ᠬᠡᠷᠪᠡ  ᠬᠢᠴᠢᠶᠡᠮᠵᠢ ᠥᠬᠡᠶ ᠪᠠᠷ ᠴᠢᠨᠠᠷ ᠮᠠᠭᠤᠲᠠᠶ ᠬᠠᠯᠠᠭᠤᠨ  ᠢ ᠬᠠᠳᠠᠭᠠᠯᠠᠬᠤ  ᠴᠣᠮᠣ  ᠠᠪᠤᠪᠠᠯ  ᠡᠷᠡᠭᠦᠯ  ᠮᠡᠨᠳᠦ   ᠳᠤ  ᠳᠠᠯᠳᠠ  ᠬᠡᠮ ᠠᠪᠴᠢᠷᠠᠵᠤ ᠮᠡᠳᠡᠨ᠎ᠡ᠃           ᠶᠠᠮᠠᠷ ᠶᠠᠩᠵᠤ ᠶᠢᠨ ᠬᠠᠯᠠᠭᠤᠨ  ᠢ ᠬᠠᠳᠠᠭᠠᠯᠠᠬᠤ ᠴᠣᠮᠣ  ᠶᠢ ᠬᠡᠷᠡᠭᠯᠡᠵᠦ ᠪᠣᠯᠬᠤ ᠦᠭᠡᠢ ᠪᠣᠢ︖                   ᠣᠳᠣᠬᠠᠨ ᠳᠤ ᠬᠠᠯᠠᠭᠤᠨ ᠴᠣᠮᠣ ᠶᠢᠨ ᠵᠠᠬ᠎ᠠ ᠳᠡᠯᠭᠡᠭᠦᠷ ᠳᠡᠭᠡᠷ᠎ᠡ ᠨᠡᠯᠢᠶᠡᠳ ᠣᠯᠠᠨ ᠭᠠᠷᠴᠤ ᠪᠠᠶᠢᠭ᠎ᠠ  ᠨᠢ ᠲᠤᠰ  ᠲᠤᠰ201᠂ 304 ᠪᠠ 316 ᠭᠡᠬᠦ ︽ᠣᠷᠣᠯᠠᠬᠤ ᠲᠡᠮᠳᠡᠭ︾ ᠪᠦᠬᠦᠢ ᠭᠤᠷᠪᠠᠨ ᠵᠦᠢᠯ ᠤᠨ  ᠵᠢᠪᠡᠷᠡᠬᠦ  ᠥᠬᠡᠶ  ᠪᠣᠯᠣᠳ  ᠵᠢᠨᠷ‌‍ᠲ᠋ᠤᠳᠤᠷ ᠬᠢᠭᠰᠡᠨ ᠴᠤᠮᠤ ᠪᠣᠯᠤᠨ᠎ᠠ᠃           ᠰᠣᠨᠢᠨ ᠮᠡᠳᠡᠭᠡᠨ  ᠳᠤ ᠨᠡᠶᠢᠳᠡᠯᠡᠭᠰᠡᠨ ᠬᠢᠷᠢ ᠲᠡᠩᠴᠡᠬᠦ ᠦᠭᠡᠶ ᠬᠠᠯᠠᠭᠤᠨ  ᠢ ᠬᠠᠳᠠᠭᠠᠯᠠᠬᠤ ᠴᠣᠮᠣ   ᠶᠢᠨ  ᠣᠯᠠᠩᠬᠢ ᠨᠢ201 ᠵᠢᠪᠡᠷᠡᠬᠦ ᠦᠭᠡᠶ ᠪᠣᠯᠣᠳ ᠢᠶᠠᠷ ᠴᠤᠮᠤ  ᠶᠢᠨ ᠲᠤᠳᠤᠷ  ᠢ  ᠨᠢ ᠬᠢᠵᠡᠢ᠃ 201 ᠵᠢᠪᠡᠷᠡᠬᠦ ᠦᠭᠡᠢ ᠪᠣᠯᠣᠳ  ᠢᠶᠠᠷ  ᠲᠤᠳᠤᠷ ᠬᠢᠭᠰᠡᠨ ᠬᠠᠯᠠᠭᠤᠨ  ᠢ ᠬᠠᠳᠠᠭᠠᠯᠠᠬᠤ ᠴᠣᠮᠣ  ᠨᠢ ᠬᠡᠳᠦ᠋ᠢᠪᠡᠷ ᠮᠠᠰᠢ ᠬᠢᠮᠳᠠ  ᠪᠣᠯᠪᠠᠴᠤ  ᠬᠤᠳᠠᠯᠳᠤᠨ  ᠠᠪᠬᠤ ᠶᠢ  ᠰᠠᠨᠠᠭᠠᠴᠢᠯᠠᠬᠤ ᠦᠭᠡᠢ᠃ ᠤᠴᠢᠷ ᠨᠢ ᠡᠨᠡ ᠬᠦ 201 ᠵᠢᠪᠡᠷᠡᠬᠦ ᠦᠭᠡᠢ  ᠪᠤᠯᠤᠳ ᠨᠢ  ᠢᠳᠡᠭᠡᠨ ᠤ  ᠲᠡᠰ ᠤᠨ  ᠮᠠᠲ᠋ᠧᠷᠢᠶᠠᠯ  ᠪᠢᠰᠢ᠂  ᠠᠵᠤ‌ᠦᠢᠯᠡᠳᠪᠦᠷᠢ ᠶᠢᠨ ᠬᠡᠷᠡᠭᠯᠡᠭᠡᠨ ᠤ ᠮᠠᠲ᠋ᠧᠷᠢᠶᠠᠯ ᠪᠣᠯᠤᠨ᠎ᠠ᠂  ᠡᠭᠦᠨ   ᠢ  ᠤᠯᠠᠩᠭᠢ   ᠳᠠᠭᠠᠨ  ᠴᠢᠮᠡᠭᠯᠡᠯ ᠤᠨ  ᠬᠤᠭᠤᠯᠠᠶ᠂  ᠠᠵᠤ‌ᠦᠢᠯᠡᠳᠪᠦᠷᠢ ᠶᠢᠨ ᠬᠤᠭᠤᠯᠠᠶ ᠪᠣᠯᠤᠨ ᠭᠠᠷ ᠴᠠᠭ ᠤᠨ ᠤᠭᠤᠰᠤᠷ ᠬᠢᠬᠦ ᠳᠤ ᠬᠡᠷᠡᠭᠯᠡᠳᠡᠭ᠃ 201 ᠵᠢᠪᠡᠷᠡᠬᠦ ᠦᠭᠡᠢ ᠪᠤᠯᠤᠳ ᠨᠢ‌ᠮᠠᠩᠭᠠᠨ ᠤ ᠠᠭᠤᠯᠤᠭᠳᠠᠴᠠ  ᠪᠠᠷ ᠥᠨᠳᠥᠷ᠂ ᠢᠳᠡᠭᠳᠡᠯ ᠳᠤ ᠳᠠᠭᠠᠭᠠᠮᠠᠭᠠᠶ ᠴᠢᠨᠠᠷ ᠢᠶᠠᠷ ᠠᠨᠠᠶ ᠪᠠᠶᠢᠳᠠᠭ ᠪᠤᠯᠬᠤᠷ  ᠬᠡᠷᠪᠡ  ᠲᠡᠭᠦᠨ‌ᠵᠢᠨᠷ ᠬᠠᠯᠠᠭᠤᠨ  ᠢ ᠬᠠᠳᠠᠭᠠᠯᠠᠬᠤ ᠴᠣᠮᠣ  ᠶᠢᠨ ᠲᠤᠳᠤᠷ ᠬᠢᠪᠡᠯ᠂ ᠤᠷᠲᠦ ᠬᠤᠭᠤᠴᠠᠭ᠎ᠠ ᠪᠠᠷ ᠬᠦᠴᠢᠯᠯᠢᠭ ᠪᠣᠳᠠᠰ ᠬᠠᠳᠠᠭᠠᠯᠠᠬᠳᠠᠵᠤ᠂ ᠮᠠᠩᠭᠠᠨ ᠤ ᠡᠯᠧᠮᠧᠨ᠋ᠲ  ᠢᠯᠭᠠᠷᠠᠭᠤᠯᠤᠨ  ᠭᠠᠷᠭᠠᠵᠤ  ᠮᠡᠳᠡᠨ᠎ᠡ᠃  ᠲᠡᠮᠦᠷᠯᠢᠭ  ᠮᠠᠩᠭᠠᠨ  ᠪᠣᠯ  ᠬᠥᠮᠦᠨ ᠤ  ᠪᠡᠶ᠎ᠡ ᠳᠤ  ᠵᠠᠪᠠᠯ‌‍ᠱᠠᠭᠠᠷᠳᠠᠭᠳᠠᠬᠤ ᠪᠢᠴᠢᠯ ᠡᠯᠧᠮᠧᠨ᠋ᠲ ᠮᠥᠨ᠂ ᠭᠡᠪᠡᠴᠦ ᠮᠠᠩᠭᠠᠨ ᠢ  ᠬᠡᠲᠦᠷᠡᠲᠡᠯ᠎ᠡ  ᠡᠳ᠋ᠯᠡᠪᠡᠯ  ᠪᠡᠶ᠎ᠡ‌ᠮᠠᠬᠠᠪᠣᠳ ᠢ  ᠭᠡᠮᠲᠦᠭᠡᠨ᠎ᠡ᠂ᠢᠯᠠᠩᠭᠤᠶ᠎ᠠ ᠮᠡᠳᠡᠷᠡᠯ ᠤᠨ ᠰᠢᠰᠲ᠋ᠧᠮ ᠢ ᠭᠡᠮᠲᠦᠭᠡᠨ᠎ᠡ᠃           ᠠᠮᠤᠷ  ᠲᠦᠪᠰᠢᠨ ᠤ  ᠪᠠᠷᠢᠮᠵᠢᠶ᠎ᠠ ᠳᠤ  ᠨᠡᠶᠢᠴᠡᠭᠰᠡᠨ᠂  304᠂  316   ᠪᠤᠶᠤ   ︽ᠢᠳᠡᠭᠡᠨ   ᠤᠮᠳᠠᠭᠠᠨ ᠢ ᠬᠦᠷᠦᠯᠴᠡᠭᠦᠯᠦᠨ ᠬᠡᠷᠡᠭᠯᠡᠵᠦ  ᠪᠤᠯᠬᠤ︾  ᠵᠢᠪᠡᠷᠡᠬᠦ  ᠥᠬᠡᠶ  ᠪᠣᠯᠣᠳ ᠢ  ᠰᠣᠩᠭᠤᠪᠠᠯ  ᠠᠶᠤᠯᠭᠦᠶ  ᠴᠢᠨᠠᠷ  ᠪᠠ  ᠢᠳᠡᠭᠳᠡᠯ ᠳ᠋ᠤ᠋‌‍ᠲ᠋ᠠᠭᠠᠭᠠᠮᠠᠭᠠᠶ ᠴᠢᠨᠠᠷ ᠤᠨ ᠲᠠᠯ᠎ᠠ ᠪᠠᠷ ᠨᠠᠩ ᠪᠠᠲᠤᠯᠠᠭ᠎ᠠ ᠲᠠᠢ ᠪᠣᠯᠤᠨ᠎ᠠ᠃        ᠬᠠᠯᠠᠭᠤᠨ  ᠢ ᠬᠠᠳᠠᠭᠠᠯᠠᠬᠤ ᠴᠣᠮᠣ ᠬᠡᠷᠡᠭᠯᠡᠬᠦ ᠶᠢᠨ ᠲᠠᠪᠤᠨ ᠴᠡᠭᠡᠷ        1. ᠴᠤᠮᠤ  ᠳᠤ ᠦᠨᠢᠶᠡᠨ ᠰᠦ᠂ ᠪᠤᠷᠴᠠᠭ ᠤᠨ ᠡᠭᠡᠳᠡᠩ  ᠢ ᠬᠢᠵᠦ ᠪᠣᠯᠬᠤ ᠦᠭᠡᠢ᠃        2. ᠴᠠᠶ ᠴᠢᠯᠡᠵᠦ ᠪᠣᠯᠬᠤ ᠥᠬᠡᠶ᠃        3. ᠬᠢᠲᠠᠳ ᠡᠮ ᠬᠢᠵᠦ ᠠᠪᠴᠤ ᠶᠠᠪᠤᠵᠤ ᠪᠣᠯᠬᠤ ᠦᠭᠡᠢ᠃       4. ᠬᠤᠭᠤᠯᠠᠢ ᠵᠢᠮᠢᠰ᠂ ᠴᠢᠪᠠᠭ᠎ᠠ  ᠶᠢ ᠴᠤᠮᠤ  ᠳᠤ ᠬᠢᠵᠦ ᠳᠡᠪᠲᠦᠭᠡᠵᠦ ᠦᠭᠡᠢ᠃        5.  ᠴᠤᠮᠤ   ᠳᠤ  ᠨᠡᠭᠦᠷᠡᠰᠦᠬᠦ᠋ᠴᠢᠯ ᠤᠨ  ᠤᠮᠳᠠᠭᠠᠨ  ᠪᠣᠯᠤᠨ  ᠵᠢᠮᠢᠰ ᠤᠨ  ᠰᠢᠭᠦᠰᠦ ᠶᠢᠨ  ᠨᠡᠭᠦᠷᠡᠰᠦᠬᠦ᠋ᠴᠢᠯ ‍ᠤᠨ‌ᠤᠮᠳᠠᠭᠠᠨ ᠢ ᠬᠢᠵᠦ ᠪᠣᠯᠬᠤ ᠦᠭᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2