ᠳᠡᠯᠡᠬᠡᠶ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠢᠭᠤᠯᠤᠯᠲᠠ ᠶᠢᠨ ᠰᠡᠷᠡᠮᠵᠢᠬᠦᠯᠦᠯ︕ ᠪᠦᠬᠦ ᠪᠥᠮᠪᠥᠷᠴᠡᠭ ᠲᠤ ᠨᠠᠭᠠᠳᠤ ᠵᠠᠬ᠎ᠠ ᠳᠠᠭᠠᠨ ᠨᠠᠢ᠌ᠮᠠᠨ ᠤ ᠨᠢᠭᠡ ᠬᠤᠪᠢ ᠶᠢᠨ ᠬᠦᠮᠦᠨ ᠨᠢ ᠮᠠᠷᠢᠶᠠᠯᠠᠬᠤ ᠡᠪᠡᠳᠴᠢᠨ ᠳᠤ ᠨᠡᠷᠪᠡᠭᠳᠡᠵᠡᠢ
ᠨᠡᠶᠢᠲᠡᠯᠡᠭᠰᠡᠨ ᠴᠠᠭ᠄
2024/3/7
        ᠳᠡᠯᠡᠬᠡᠶ ᠶᠢᠨ ᠡᠷᠡᠭᠦᠯ ᠬᠠᠮᠠᠭᠠᠯᠠᠯ ᠤᠨ  ᠵᠣᠬᠢᠶᠠᠨ  ᠪᠠᠶᠢᠭᠤᠯᠤᠯᠲᠠ  ︵WHO︶  3  ᠰᠠᠷ᠎ᠠ ᠶᠢᠨ  1 ᠤ  ᠡᠳᠦᠷ ᠰᠢᠨ᠎ᠡ ᠪᠠᠷ ᠨᠡᠶᠢᠲᠡᠯᠡᠭᠰᠡᠨ ᠪᠥᠬᠦ ᠳᠡᠯᠡᠬᠡᠶ ᠶᠢᠨ ᠠᠨᠠᠭᠠᠬᠤ ᠤᠬᠠᠭᠠᠨ ᠤ ᠨᠢᠭᠡᠨ ᠰᠤᠳᠤᠯᠭᠠᠨ ᠠᠴᠠ ᠡᠰᠢ ᠲᠠᠲᠠᠵᠤ  ᠬᠡᠯᠡᠬᠦ ᠳᠡᠭᠡᠨ᠂ᠳᠡᠯᠡᠬᠡᠶ ᠶᠢᠨ ᠪᠥᠮᠪᠥᠷᠴᠡᠭ ᠳᠡᠭᠡᠷ᠎ᠡ ᠨᠠᠭᠠᠳᠤ ᠵᠠᠬ᠎ᠠ ᠳᠠᠭᠠᠨ ᠨᠠᠢᠮᠠᠨ  ᠤ ᠨᠢᠭᠡ ᠬᠤᠪᠢ ᠶᠢᠨ ᠬᠦᠮᠦᠨ  ᠨᠢ  ᠮᠠᠷᠢᠶᠠᠯᠠᠬᠤ  ᠡᠪᠡᠳᠴᠢᠨ‌‍ᠳᠤ ᠨᠡᠷᠪᠡᠭᠳᠡᠵᠡᠢ ᠭᠡᠪᠡ᠃          2022 ᠣᠨ ᠤ ᠪᠦᠷᠢᠳᠬᠡᠯ ᠠᠴᠠ ᠦᠵᠡᠪᠡᠯ᠂ 10 ᠳ᠋ᠦᠩᠰᠢᠭᠤᠷ ᠬᠥᠮᠦᠨ ᠡᠶᠢᠮᠦ ᠡᠪᠡᠳᠴᠢᠨ ᠳᠤ  ᠨᠡᠷᠪᠡᠭᠳᠡᠵᠦ᠂1990 ᠣᠨ ᠠᠴᠠ ᠨᠠᠭᠠᠰᠢ ᠡᠨᠡ ᠬᠦ ᠲᠤᠭ᠎ᠠ ᠨᠢ 5 ᠠᠴᠠ  19  ᠨᠠᠰᠤᠨ ᠤ  ᠬᠥᠮᠦᠰ ᠤᠨ  ᠳᠣᠲᠣᠷ᠎ᠠ  ᠳᠥᠷᠪᠡᠨ  ᠳᠠᠬᠢᠨ‌ᠨᠡᠮᠡᠭᠳᠡᠭᠰᠡᠨ ᠪᠠᠶᠢᠨ᠎ᠠ᠃                ᠳᠡᠯᠡᠬᠡᠶ ᠶᠢᠨ ᠡᠷᠡᠭᠦᠯ ᠬᠠᠮᠠᠭᠠᠯᠠᠯ ᠤᠨ ᠵᠣᠬᠢᠶᠠᠨ  ᠪᠠᠶᠢᠭᠤᠯᠤᠯᠲᠠ ᠶᠢᠨ  ᠬᠡᠷᠡᠭ  ᠡᠷᠬᠢᠯᠡᠬᠦ  ᠭᠠᠵᠠᠷ ᠤᠨ   ᠬᠢᠨ  ᠬᠡᠯᠡᠬᠦ‌‍ᠳᠡᠭᠡᠨ᠂ ᠧᠦ᠋ᠷᠣᠫᠠ ᠳᠤ ᠪᠡᠶ᠎ᠡ  ᠶᠢᠨ ᠬᠦᠨᠳᠦ  ᠨᠢ ᠬᠡᠳᠦ ᠬᠦᠨᠳᠦ ᠪᠠᠶᠢᠬᠤ ᠪᠠ ᠮᠠᠷᠢᠶᠠᠯᠠᠬᠤ ᠨᠢ ᠬᠦᠮᠦᠰ  ᠤᠨ ᠦᠬᠦᠬᠦ ᠪᠠ ᠵᠡᠮᠳᠡᠭ‌‍ᠪᠣᠯᠬᠤ ᠶᠢᠨ ᠭᠤᠣᠯ ᠰᠢᠯᠲᠠᠭᠠᠨ ᠤ ᠨᠢᠭᠡ ᠪᠤᠯᠵᠠᠢ᠂ ᠵᠢᠱᠢᠯᠳᠡ  ᠪᠠᠷ᠂ ᠮᠠᠷᠢᠶᠠᠯᠠᠬᠤ ᠡᠪᠡᠳᠴᠢᠨ ᠨᠢ ᠵᠢᠯ  ᠪᠦᠷᠢ  120  ᠭᠠᠷᠤᠶ ᠲᠦᠮᠡᠨ ᠬᠥᠮᠦᠨ ᠢ ᠦᠬᠦᠭᠦᠯᠵᠦ ᠪᠠᠶᠢᠨ᠎ᠠ ᠭᠡᠪᠡ᠃                    ᠨᠠᠶᠢᠷᠠᠭᠤᠯᠤᠭᠴᠢ᠄  ᠲᠤᠶᠠᠭ᠎ᠠ 
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2