ᠥᠪᠡᠷ ᠢ ᠪᠠᠨ ᠰᠢᠯᠢᠳᠡᠭ ᠪᠠᠶᠢᠯᠭᠠᠬᠤ ᠡᠷᠳᠡᠮ
ᠨᠡᠶᠢᠲᠡᠯᠡᠭᠰᠡᠨ ᠴᠠᠭ᠄
2023/8/2
     ᠳᠣᠳᠣᠷᠬᠠᠢ ᠬᠠᠷᠠᠯᠲᠠ ᠲᠠᠢ ᠪᠠᠶᠢᠬᠤ᠃ ᠬᠠᠷᠠᠯᠲᠠ ᠳᠣᠳᠣᠷᠬᠠᠢ ᠬᠥᠮᠥᠨ ᠣᠷᠣᠬᠰᠢᠯᠠᠬᠤ ᠵᠠᠮ ᠳᠠᠭᠠᠨ  ᠨᠡᠩ  ᠢᠯᠡᠭᠦᠦ ᠮᠡᠳᠡᠷᠡᠮᠵᠢ ᠲᠠᠢ ᠪᠠᠶᠢᠳᠠᠭ᠃ ᠦᠪᠡᠷᠳᠡᠬᠡᠨ ᠦᠨ᠎ᠡ ᠥᠷᠲᠡᠭ ᠲᠠᠢ ᠮᠥᠷᠲᠡᠭᠡᠨ ᠪᠡᠶᠡᠯᠡᠭᠦᠯᠵᠦ ᠳᠡᠶᠢᠯᠬᠦ ᠬᠠᠷᠠᠯᠲᠠ  ᠳᠣᠬᠳᠠᠭᠠᠵᠦ᠂ ᠪᠣᠳᠠᠲᠠᠢ  ᠠᠵᠢᠯᠯᠠᠭ᠎ᠠ ᠎ ᠪᠠᠷ ᠎ ᠢᠶᠠᠨ  ᠳᠠᠮᠵᠢᠨ  ᠪᠡᠶᠡᠯᠡᠭᠦᠯᠪᠡᠯ᠂  ᠲᠠᠨ ᠎ ᠳᠤ  ᠬᠠᠷᠠᠯᠲᠠ ᠪᠠᠨ  ᠬᠦᠬᠡᠬᠡᠴᠡᠯᠳᠦᠬᠦ  ᠶᠠᠪᠤᠴᠠ  ᠳ᠋ᠣ᠋‌ᠠᠪᠴᠢᠷᠠᠭᠰᠠᠨ ᠵᠣᠯ ᠵᠢᠷᠭᠠᠯᠲᠤ ᠪᠥᠭᠡᠳ ᠠᠮᠵᠢᠯᠲᠠ ᠪᠦᠲᠦᠮᠵᠢ ᠎ ᠲᠠᠢ ᠮᠡᠳᠡᠷᠡᠮᠵᠢ ᠲᠥᠷᠥᠭᠳᠡᠳᠡᠭ᠃                              ᠰᠠᠨᠠᠭ᠎ᠠ ᠰᠡᠳᠬᠢᠯ᠂ ᠠᠭᠠᠰᠢ ᠵᠠᠩ ᠢᠶᠠᠨ ᠲᠣᠬᠢᠷᠠᠭᠤᠯᠵᠤ ᠳᠡᠶᠢᠯᠬᠦ᠃ ᠬᠡᠨ ᠳᠤ ᠴᠦ ᠠᠭᠤᠷ ᠪᠤᠬᠢᠨᠢᠳᠣᠯ ᠎ ᠲᠠᠢ  ᠦᠶ᠎ᠡ ᠪᠠᠶᠢᠳᠠᠭ᠃ ᠪᠢᠳᠡᠨ ᠤ ᠬᠢᠬᠦ ᠴᠢᠬᠤᠯᠠᠲᠠᠢ ᠠᠵᠢᠯ ᠪᠣᠯ ᠳᠠᠷᠤᠢ ᠰᠡᠳᠬᠢᠯ ᠰᠠᠨᠠᠭ᠎ᠠ ᠎ ᠪᠠᠨ  ᠡᠵᠡᠮᠳᠡᠨ᠂  ᠠᠭᠤᠷ ᠪᠤᠬᠢᠨᠢᠳᠣᠯ ᠵᠶ᠋ᠠᠨ‌‍ᠲ᠋ᠠᠷᠣᠵᠦ᠂ ᠤᠷᠮ᠎ᠠ ᠰᠡᠳᠬᠢᠯᠭᠡ ᠪᠠᠨ ᠰᠡᠷᠬᠦᠬᠡᠬᠦ ᠶᠠᠪᠤᠳᠠᠯ ᠪᠣᠯᠣᠨ᠎ᠠ᠃                           ᠶᠠᠭᠤᠮ᠎ᠠ ᠰᠤᠷᠬᠤ ᠬᠦᠰᠡᠯ ᠵᠣᠷᠢᠯᠲᠠ ᠲᠠᠢ ᠪᠠᠶᠢᠬᠤ᠃ ᠶᠠᠭᠤᠮ᠎ᠠ ᠰᠤᠷᠬᠤ ᠬᠦᠰᠡᠯ ᠵᠣᠷᠢᠯᠲᠠ ᠲᠠᠢ ᠪᠠᠶᠢᠬᠤ ᠨᠢ ᠪᠢᠳᠡᠨ ᠢ ᠴᠠᠭ ᠢᠮᠠᠬᠳᠠ ᠰᠣᠷᠣᠯᠴᠠᠭᠤᠯᠵᠦ᠂ ᠠᠮᠢᠳᠣᠷᠠᠯ ᠳᠤ ᠢᠳᠡᠪᠬᠢᠲᠡᠢ ᠪᠠᠶᠢᠯᠭᠠᠵᠦ ᠴᠢᠳᠠᠳᠠᠭ᠃ ᠶᠠᠮᠠᠷ  ᠴᠦ  ᠵᠤᠶᠢᠯ ᠳᠤ  ᠰᠣᠨᠢᠭᠤᠴᠢ ᠰᠡᠳᠬᠢᠯᠭᠡ ᠪᠠᠷ ᠬᠠᠨᠳᠣᠵᠦ᠂ ᠰᠣᠷᠴᠦ ᠠᠪᠬᠤ ᠶᠢ ᠬᠦᠬᠡᠬᠡᠴᠡᠯᠳᠦᠬᠡᠳ ᠪᠠᠶᠢᠪᠠᠯ ᠦᠪᠡᠷ ᠢ  ᠎ ᠪᠠᠨ ᠬᠦᠭᠵᠢᠬᠦᠯᠵᠦ ᠴᠢᠳᠠᠬᠤ ᠵᠢᠨ‌‍ᠲ᠋ᠡᠭᠡᠷ᠎ᠡ ᠠᠮᠢᠳᠣᠷᠠᠯ ᠢᠶᠠᠨ ᠪᠠᠶᠠᠯᠢᠭ ᠪᠠᠶᠢᠯᠭᠠᠵᠦ ᠴᠢᠳᠠᠨ᠎ᠠ᠃                              ᠥᠪᠡᠷ ᠤᠨ ᠢᠶᠠᠨ  ᠦᠨ᠎ᠡ  ᠴᠡᠨ᠎ᠡ ᠶᠢ  ᠮᠡᠳᠡᠷᠡᠬᠦ᠃  ᠥᠪᠡᠷ ᠎ ᠤᠨ  ᠦᠪᠡᠷᠳᠡᠬᠡᠨ᠂  ᠮᠦᠨ  ᠴᠦ  ᠪᠤᠰᠤᠳ ᠲᠤ ᠦᠨᠡᠨᠴᠢ ᠪᠠᠷ  ᠬᠠᠨᠳᠤᠵᠤ᠂  ᠠᠮᠢᠳᠤᠷᠠᠯ ᠳᠠᠭᠠᠨ  ᠬᠠᠯᠠᠭᠤᠨ  ᠰᠡᠳᠬᠢᠯ ᠲᠠᠢ  ᠪᠠᠶᠢᠵᠦ᠂   ᠲᠡᠭᠦᠰ   ᠰᠠᠶᠢᠬᠠᠨ ᠢ   ᠬᠡᠲᠦᠷᠬᠡᠢ ᠬᠦᠬᠡᠬᠡᠴᠡᠯᠳᠦᠬᠦ  ᠦᠭᠡᠢ᠂  ᠥᠪᠡᠷ ᠤᠨ  ᠪᠡᠶ᠎ᠡ ᠪᠠᠨ  ᠢᠯᠡᠭᠦᠬᠡᠨ   ᠣᠶᠢᠯᠠᠭᠠᠵᠦ   ᠪᠠᠭᠳᠠᠭᠠᠮᠵᠢᠳᠠᠢ   ᠬᠠᠨᠳᠣᠪᠠᠯ᠂   ᠪᠢᠳᠡ ᠥᠪᠡᠷ ᠤᠨ ᠢᠶᠠᠨ ᠦᠨ᠎ᠡ ᠴᠡᠨ᠎ᠡ ᠪᠠᠨ ᠨᠠᠩ ᠠᠮᠠᠷᠬᠠᠨ ᠮᠡᠳᠡᠷᠡᠵᠦ ᠴᠢᠳᠠᠬᠤ ᠪᠤᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2