ᠬᠤᠭᠤᠷ ᠤᠨ ᠦᠯᠢᠬᠡᠷ
ᠨᠡᠶᠢᠲᠡᠯᠡᠭᠰᠡᠨ ᠴᠠᠭ᠄
2023/7/18
      ᠬᠤᠭᠤᠷ ᠤᠨ ᠦᠯᠢᠬᠡᠷ ᠪᠤᠯ ᠲᠤᠮᠳᠠᠳᠤ ᠶᠢᠨ ᠰᠢᠯᠢᠳᠡᠭ ᠲᠠᠭᠤᠤᠷᠢᠯᠢᠭ ᠤᠷᠠᠯᠢᠭ ᠤᠨ ᠴᠢᠬᠤᠯᠠ ᠪᠦᠷᠢᠯᠳᠦᠬᠦᠨ ᠬᠡᠰᠡᠭ ᠮᠦᠨ ᠪᠦᠭᠡᠳ ᠮᠤᠩᠭᠤᠯ  ᠦᠨᠳᠦᠰᠦᠳᠡᠨ ᠎ ᠤ  ᠤᠷᠳᠤ  ᠤᠳᠠᠭᠠᠨ  ᠲᠡᠤᠬᠡᠨ  ᠬᠦᠭᠵᠢᠯᠳᠡ ᠎ ᠶᠢᠨ  ᠶᠠᠪᠤᠴᠠ ᠎ ᠳᠤ  ᠡᠬᠦᠳᠦᠨ‌‍ᠪᠦ᠋ᠳᠦᠭᠡᠭᠳᠡᠭᠰᠡᠨ ᠤᠷᠤᠨ ᠨᠤᠳᠤᠭ ᠤᠨ ᠤᠨᠴᠠᠯᠢᠭ ᠢᠶᠠᠷ ᠲᠤᠪᠤᠶᠢᠮ᠎ᠠ ᠲᠠᠭᠤᠤᠷᠢᠯᠢᠭ ᠤᠷᠠᠯᠢᠭ ᠪᠤᠯᠬᠤ ᠪᠦᠭᠡᠳ ᠲᠠᠯ᠎ᠠ  ᠨᠤᠳᠤᠭ‌‍ᠤᠨ ᠠᠷᠠᠳ ᠲᠦᠮᠡᠨ ᠤ ᠰᠤᠶᠤᠯ ᠤᠨ ᠠᠮᠢᠳᠦᠷᠠᠯ ᠳᠤ ᠲᠤᠳᠠᠬᠳᠠᠵᠦ ᠪᠤᠯᠤᠰᠢ ᠦᠬᠡᠢ ᠨᠢᠬᠡᠨ ᠪᠤᠳᠠ ᠴᠡᠴᠡᠭ ᠪᠤᠯᠵᠦ ᠬᠦᠭᠵᠢᠭᠰᠡᠨ‌‍ᠪᠠᠶᠢᠨ᠎ᠠ᠃ 2006 ᠤᠨ ᠳᠤ᠂ ᠲᠦᠷᠦ ᠶᠢᠨ ᠶᠠᠪᠤᠳᠠᠯ ᠎ ᠤᠨ ᠬᠤᠷᠢᠶᠠᠨ ᠎ ᠠᠴᠠ  ᠬᠤᠭᠤᠷ ᠎ ᠤᠨ  ᠦᠯᠢᠬᠡᠷ ᠎ ᠢ  ᠠᠩᠬᠠᠳᠤᠭᠠᠷ‌ᠬᠤᠭᠤᠴᠠᠭᠠᠨ ᠤ ᠤᠯᠤᠰ ᠤᠨ ᠲᠡᠰ ᠤᠨ ᠪᠤᠳᠠᠰ ᠤᠨ ᠪᠤᠰᠤ  ᠰᠤᠶᠤᠯ  ‍ᠤᠨ‌ᠦᠪ ᠎ ᠲᠤ  ᠵᠢᠬᠰᠠᠭᠠᠪᠠ᠃  ᠬᠤᠷᠴᠢᠨ  ᠪᠠᠷᠠᠭᠤᠨ‌ᠭᠠᠷᠦᠨ‌‍ᠲ᠋ᠤᠮᠳᠠᠳᠤ ᠬᠤᠰᠢᠭᠤᠨ ᠎ ᠠᠴᠠ ᠮᠦᠩᠬᠦᠨ᠊ᠭᠤᠤᠯᠳᠤ᠂ ᠪᠦᠷᠢᠨᠪᠠᠶᠠᠷ᠂ ᠰᠢᠷᠠᠪ᠂  ᠡᠷᠳᠡᠨᠢᠵᠢᠷᠦᠬᠡ  ᠵᠡᠷᠭᠡ  ᠤᠯᠠᠨ  ᠠᠯᠳᠠᠷᠳᠤ‌ᠬᠤᠭᠤᠷᠴᠢ ᠴᠤᠯᠭᠤᠷᠠᠨ ᠭᠠᠷᠤᠬᠰᠠᠨ ᠶᠤᠮ᠃ ᠬᠤᠭᠤᠷ ᠤᠨ ᠦᠯᠢᠬᠡᠷ ᠤᠨ ᠰᠤᠶᠤᠯ ᠤᠨ ᠬᠦᠷᠦᠰᠦ ᠬᠦᠨ  ᠵᠤᠵᠠᠭᠠᠨ  ᠬᠤᠷᠴᠢᠨ‌‍ᠪᠠᠷᠠᠭᠤᠨ ᠭᠠᠷᠦᠨ ᠲᠤᠮᠳᠠᠳᠤ ᠬᠤᠰᠢᠭᠤ ᠨᠢ1995 ᠤᠨ ᠳᠤ ᠦᠪᠦᠷ ᠮᠤᠩᠭᠤᠯ ᠎ ᠤᠨ  ᠦᠪᠡᠷᠳᠡᠬᠡᠨ  ᠵᠠᠰᠠᠬᠤ  ᠤᠷᠤᠨ  ‍ᠤ‌‍ᠰᠤᠶᠤᠯ ᠤᠨ ᠲᠢᠩᠬᠢᠮ ᠠᠴᠠ ᠨᠡᠷᠡᠯᠡᠭᠰᠡᠨ ︽ᠲᠤᠮᠳᠠᠳᠤ ᠤᠯᠤᠰ ᠤᠨ ᠠᠷᠠᠳ ᠤᠨ ᠲᠤᠮᠳᠠᠬᠢ ᠰᠤᠶᠤᠯ ᠤᠷᠠᠯᠢᠭ ᠤᠨ ᠨᠤᠳᠤᠭ︾᠂2007 ᠤᠨ ᠳᠤ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠎ ᠤ  ᠤᠳᠬ᠎ᠠ  ᠤᠷᠠᠯᠢᠭ ᠎ ᠤᠨ  ᠬᠤᠯᠪᠤᠭ᠎ᠠ  ᠡᠴᠠ‌ᠨᠡᠷᠡᠶᠢᠳᠦᠭᠰᠡᠨ ︽ᠦᠯᠢᠬᠡᠷ ᠤᠨ ᠨᠤᠳᠤᠭ︾᠂ 2008 ᠤᠨ ᠳᠤ ᠤᠯᠤᠰ ᠤᠨ  ᠰᠤᠶᠤᠯ ᠎ ᠤᠨ  ᠶᠠᠮᠦᠨ ᠎ ᠠᠴᠠ  ︽ᠲᠤᠮᠳᠠᠳᠤ‌ᠤᠯᠤᠰ ᠤᠨ ᠠᠷᠠᠳ ᠤᠨ ᠲᠤᠮᠳᠠᠬᠢ ᠰᠤᠶᠤᠯ ᠤᠷᠠᠯᠢᠭ ᠎ ᠤᠨ ᠨᠤᠳᠤᠭ︾᠎ ᠢᠶᠠᠷ ᠨᠡᠷᠡᠶᠢᠳᠦᠭᠳᠡᠪᠡ᠃              ᠬᠤᠷᠴᠢᠨ ᠪᠠᠷᠠᠭᠤᠨ ᠭᠠᠷᠦᠨ ᠲᠤᠮᠳᠠᠳᠤ ᠬᠤᠰᠢᠭᠤᠨ ᠤ ᠦᠯᠢᠬᠡᠷ ᠤᠨ ᠲᠢᠩᠬᠢᠮ ᠨᠢ ᠪᠠᠳᠦᠴᠠᠭᠠᠨ ᠠᠭᠤᠳᠠᠮ ᠲᠠᠯᠠᠪᠠᠢ‌ᠵᠢᠨ ᠵᠡᠬᠦᠨ ᠲᠠᠯ᠎ᠠ ᠳᠤ ᠪᠠᠶᠢᠳᠠᠭ᠃ ᠦᠯᠢᠬᠡᠷ ᠤᠨ ᠲᠢᠩᠬᠢᠮ ᠪᠠᠶᠢᠭᠤᠯᠤᠬᠳᠠᠬᠰᠠᠨ ᠠᠷᠪᠠᠭᠠᠳ  ᠵᠢᠯ ᠎ ᠤᠨ  ᠲᠤᠷᠰᠢ᠂  ᠦᠷᠬᠡᠨ‌ᠤᠯᠠᠨ ᠬᠤᠳᠠ ᠶᠢᠨ ᠠᠷᠠᠳ᠂ ᠬᠦᠳᠡᠭᠡ ᠶᠢᠨ ᠮᠠᠯᠴᠢᠨ ᠲᠠᠷᠢᠶᠠᠴᠢᠨ ᠤ ᠦᠯᠢᠬᠡᠷ ᠰᠤᠨᠤᠰᠬᠤ ᠲᠡᠪᠴᠡᠩ ᠪᠤᠯᠤᠬᠰᠠᠨ  ᠪᠠᠶᠢᠨ᠎ᠠ᠃ᠬᠤᠷᠴᠢᠨ ᠪᠠᠷᠠᠭᠤᠨ ᠭᠠᠷᠦᠨ ᠲᠤᠮᠳᠠᠳᠤ ᠬᠤᠰᠢᠭᠤ ᠦᠯᠢᠬᠡᠷ ᠤᠷᠠᠯᠢᠭ ᠤᠨ ᠬᠦᠷᠦᠰᠦ ᠬᠦᠨ ᠵᠤᠵᠠᠭᠠᠨ  ᠪᠤᠯᠬᠤᠷ  ᠨᠠᠮ  ᠵᠠᠰᠠᠭ‌ᠡᠴᠠ ᠤᠨᠴᠠᠭᠠᠢ ᠴᠢᠬᠤᠯᠠᠴᠢᠯᠠᠵᠦ᠂ ᠤᠷᠢᠳ ᠬᠤᠵᠢᠳ ᠰᠢᠨ᠎ᠠ ᠦᠯᠢᠬᠡᠷ ᠤᠨ ᠲᠢᠩᠬᠢᠮ ᠪᠠᠶᠢᠭᠤᠯᠬᠤ᠂ ᠦᠯᠢᠬᠡᠷ ᠤᠷᠠᠯᠢᠭ  ‍ᠤᠨ‌‍ᠲ᠋ᠡᠯᠬᠡᠨ ᠦᠵᠡᠬᠦᠯᠬᠡ ᠶᠢᠨ ᠲᠢᠩᠬᠢᠮ ᠵᠢᠴᠢ ᠠᠯᠪᠠᠯᠠᠬᠤ ᠭᠠᠵᠠᠷ ᠵᠡᠷᠭᠡ ᠶᠢ  ᠲᠤᠬᠢᠷᠠᠭᠤᠯᠵᠦ᠂  ᠦᠯᠢᠬᠡᠷ  ᠬᠤᠭᠤᠷ ᠎ ᠤᠨ  ᠲᠤᠷ᠎ᠠ‌‍ᠪᠠᠭ᠋ᠠᠳᠡᠳ ᠤᠨ ᠰᠤᠶᠤᠯ ᠤᠨ ᠠᠮᠢᠳᠦᠷᠠᠯ ᠢ ᠪᠠᠶᠠᠯᠢᠬᠵᠢᠭᠤᠯᠬᠤ ᠳᠤ ᠲᠤᠩ ᠰᠠᠶᠢᠨ ᠨᠦᠬᠦᠴᠡᠯ ᠬᠠᠩᠭᠠᠵᠦ ᠦᠭᠬᠦᠭᠰᠡᠨ ᠪᠠᠶᠢᠨ᠎ᠠ᠃ᠠᠷᠪᠠᠭᠠᠳ ᠵᠢᠯ ᠤᠨ ᠲᠤᠷᠰᠢ᠂ ᠬᠤᠰᠢᠭᠤᠨ ᠤ ᠰᠤᠶᠤᠯ ᠤᠨ ᠲᠤᠪᠴᠢᠶ᠎ᠠ ᠠᠴᠠ ᠪᠦᠬᠦ ᠬᠤᠰᠢᠭᠤᠨ ᠤ ᠬᠤᠭᠤᠷᠴᠢ ᠎ ᠶᠢ  ᠵᠤᠬᠢᠶᠠᠨ‌‍ᠪᠠᠶᠢᠭᠤᠯᠤᠨ᠂ ᠦᠯᠢᠬᠡᠷ ᠤᠨ ᠲᠢᠩᠬᠢᠮ ᠳᠤ ᠦᠯᠢᠬᠡᠷ ᠬᠡᠯᠡᠬᠦᠯᠵᠦ᠂ ᠤᠷᠢᠳ ᠬᠤᠵᠢᠳ ᠲᠦᠴᠢ ᠭᠠᠷᠦᠢ ᠬᠤᠭᠤᠷᠴᠢ  ᠎ ᠪᠠᠷ100ᠭᠠᠷᠦᠢ ᠪᠦᠳᠦᠨ ᠦᠯᠢᠬᠡᠷ ᠢ 4000 ᠲᠠᠯᠠᠪᠦᠷ ᠬᠡᠯᠡᠬᠦᠯᠦᠭᠰᠡᠨ ᠪᠠᠶᠢᠨ᠎ᠠ᠃ ᠤᠳᠤ ᠦᠯᠢᠬᠡᠷ ᠤᠨ ᠲᠢᠩᠬᠢᠮ  ᠎ ᠳᠤ  ᠭᠤᠴᠢᠭᠠᠳ‌ᠬᠤᠭᠤᠷᠴᠢ ᠲᠠᠢ᠂ ᠤᠷᠤᠢ ᠪᠦᠷᠢ ᠶᠢᠨ ᠲᠤᠯᠤᠭᠠᠨ ᠴᠠᠭ ᠠᠴᠠ ᠶᠢᠰᠦᠨ ᠴᠠᠭ ᠪᠤᠯᠳᠠᠯ᠎ᠠ ᠦᠯᠢᠬᠡᠷ ᠬᠡᠯᠡᠵᠦ᠂ ᠦᠷᠬᠦᠯᠵᠢ ᠦᠯᠢᠬᠡᠷ‌‍ᠰᠤᠨᠤᠰᠳᠠᠭ ᠵᠠᠭᠤ ᠭᠠᠷᠦᠢ ᠰᠤᠨᠤᠰᠤᠬᠴᠢ ᠲᠠᠢ᠃             ᠬᠤᠷᠴᠢᠨ ᠪᠠᠷᠠᠭᠤᠨ ᠭᠠᠷᠦᠨ ᠲᠤᠮᠳᠠᠳᠤ ᠬᠤᠰᠢᠭᠤᠨ ᠤ ᠦᠯᠢᠬᠡᠷ ᠤᠨ ᠲᠢᠩᠬᠢᠮ ᠨᠢ ᠠᠷᠠᠳ ᠤᠯᠠᠨ ᠤ ᠬᠤᠭᠤᠷ ‍ᠤᠨ‌ᠦᠯᠢᠬᠡᠷ ᠰᠤᠨᠤᠰᠬᠤ ᠲᠡᠪᠴᠡᠩ ᠪᠤᠯᠵᠦ᠂ ᠲᠡᠳᠡᠨ ᠤ ᠰᠤᠶᠤᠯ ᠤᠨ ᠠᠮᠢᠳᠦᠷᠠᠯ ᠢ ᠶᠡᠬᠡᠪᠡᠷ ᠪᠠᠶᠠᠯᠢᠬᠵᠢᠭᠤᠯᠵᠦ ᠪᠠᠶᠢᠨ᠎ᠠ᠃        
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2