| ᠣᠶᠢᠷ᠎ᠠ ᠳᠤ᠂ ᠰᠤᠷᠭᠠᠨ ᠬᠥᠮᠦᠵᠢᠯ ᠤᠨ ᠶᠠᠮᠤᠨ ᠳᠣᠲᠣᠭᠠᠳᠤ ᠶᠢ ᠬᠠᠮᠠᠭᠠᠯᠠᠬᠤ ᠶᠠᠮᠤᠨ᠂ ᠤᠯᠤᠰ ᠤᠨ ᠭᠠᠯ | ᠰᠡᠷᠭᠡᠶᠢᠯᠡᠵᠦ ᠠᠪᠤᠷᠠᠨ ᠲᠤᠰᠠᠯᠠᠬᠤ ᠲᠣᠪᠴᠢᠶ᠎ᠠ ᠲᠠᠢ ᠬᠠᠮᠲᠤᠷᠠᠨ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ | ᠰᠤᠷᠭᠠᠭᠤᠯᠢ ᠶᠢᠨ ᠭᠠᠳᠠᠨᠠᠬᠢ ᠪᠣᠯᠪᠠᠰᠤᠷᠠᠯ ᠤᠨ ︽ᠠᠮᠤᠷ ᠲᠦᠪᠰᠢᠨ ᠢ ᠬᠠᠮᠠᠭᠠᠯᠠᠬᠤ︾ ᠲᠤᠰᠬᠠᠢ ᠠᠵᠢᠯᠯᠠᠭ᠎ᠠ ᠶᠢ | ᠥᠷᠨᠢᠭᠦᠯᠵᠦ᠂ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠪᠣᠯᠪᠠᠰᠤᠷᠠᠯ ᠤᠨ ᠠᠮᠤᠷ ᠲᠦᠪᠰᠢᠨ ᠢ ᠪᠦᠬᠦ | ᠲᠠᠯ᠎ᠠ ᠪᠠᠷ ᠰᠠᠬᠢᠨ ᠬᠠᠮᠠᠭᠠᠯᠠᠪᠠ᠃ ᠪᠥᠵᠢᠭ᠂ ᠪᠡᠶ᠎ᠡ ᠶᠢᠨ ᠲᠠᠮᠢᠷ ᠵᠡᠷᠭᠡ ᠪᠡᠶ᠎ᠡ ᠮᠠᠬᠠᠪᠣᠳ ᠤᠨ ᠪᠣᠯᠪᠠᠰᠤᠷᠠᠯ ᠢᠶᠠᠷ ᠭᠤᠣᠯ | ᠪᠣᠯᠭᠠᠭᠰᠠᠨ᠂ ᠰᠢᠷᠬᠠᠲᠤᠯ ᠤᠨ ᠠᠶᠤᠯ ᠲᠦᠭᠰᠢᠭᠦᠷᠢ ᠨᠡᠯᠢᠶᠡᠳ ᠠᠮᠠᠷᠬᠠᠨ ᠭᠠᠷᠬᠤ ᠪᠣᠯᠪᠠᠰᠤᠷᠠᠯ ᠤᠨ ᠠᠵᠢᠯᠯᠠᠭ᠎ᠠ ᠳᠤ | ᠴᠢᠭᠯᠡᠭᠦᠯᠦᠨ᠂ ᠰᠤᠷᠭᠠᠭᠤᠯᠢ ᠶᠢᠨ ᠭᠠᠳᠠᠨᠠᠬᠢ ᠪᠣᠯᠪᠠᠰᠤᠷᠠᠯ ᠤᠨ ᠠᠮᠤᠷ ᠲᠦᠪᠰᠢᠨ ᠤ ᠰᠠᠨᠠᠭᠤᠯᠤᠮᠵᠢ ︽ᠲᠠᠪᠤᠨ ᠪᠣᠯᠬᠤ | ᠦᠭᠡᠢ︾ ᠶᠢ ᠣᠨᠴᠠᠭᠠᠶᠢᠯᠠᠨ ᠳᠤᠷᠠᠳᠪᠠ᠃ | ᠨᠢᠭᠡ ᠳᠤ᠂ ᠠᠮᠤᠷ ᠲᠦᠪᠰᠢᠨ ᠤ ᠪᠠᠲᠤᠯᠠᠭ᠎ᠠ ᠦᠭᠡᠢ ᠪᠠᠶᠢᠳᠠᠯ ᠳᠤ ᠪᠣᠯᠪᠠᠰᠤᠷᠠᠯ ᠬᠢᠵᠦ ᠪᠣᠯᠬᠤ ᠦᠭᠡᠢ᠃ ᠬᠡᠦᠬᠡᠳ | ᠪᠣᠯᠪᠠᠰᠤᠷᠠᠯ ᠬᠢᠬᠦ ᠳᠤ ᠬᠠᠮᠢᠶ᠎ᠠ ᠪᠦᠬᠦᠢ ᠲᠤᠰᠬᠠᠢ ᠮᠡᠷᠭᠡᠵᠢᠯ ᠤᠨ ᠬᠠᠮᠠᠭᠠᠯᠠᠯᠲᠠ ᠱᠠᠭᠠᠷᠳᠠᠭᠳᠠᠨ᠎ᠠ᠃ ᠭᠦᠯᠢᠭᠡᠷ ᠱᠠᠭᠠᠵᠠᠩ | ᠲᠣᠭᠤᠰᠬ᠎ᠠ ᠪᠣᠯᠤᠨ ᠱᠦᠢᠨᠢ ᠭᠠᠵᠠᠷ ᠵᠡᠷᠭᠡ ᠲᠠᠯᠠᠪᠤᠷ ᠭᠠᠵᠠᠷ ᠪᠣᠯᠪᠠᠰᠤᠷᠠᠬᠤ᠂ ᠭᠦᠢᠴᠡᠳ ᠪᠡᠯᠡᠳᠬᠡᠯ ᠬᠢᠭᠰᠡᠨ ᠦᠭᠡᠢ | ᠪᠣᠯᠪᠠᠰᠤᠷᠠᠬᠤ᠂ ᠬᠠᠮᠠᠭᠠᠯᠠᠯᠲᠠ ᠦᠭᠡᠢ ᠪᠠᠷ ᠳᠡᠭᠡᠳᠦ ᠵᠡᠷᠭᠡ ᠶᠢᠨ ᠠᠶᠤᠯ ᠲᠦᠭᠰᠢᠭᠦᠷᠢᠲᠡᠢ ᠪᠣᠯᠪᠠᠰᠤᠷᠠᠯ ᠬᠢᠬᠦ᠂ ᠶᠠᠳᠠᠷᠠᠯ ᠲᠠᠢ | ᠪᠠᠶᠢᠳᠠᠯ ᠳᠤ ᠪᠣᠯᠪᠠᠰᠤᠷᠠᠬᠤ ᠵᠡᠷᠭᠡ ᠨᠢ ᠬᠡᠦᠬᠡᠳ ᠤᠨ ᠰᠢᠷᠬᠠᠲᠤᠬᠤ ᠲᠦᠭᠰᠢᠭᠦᠷᠢ ᠶᠢ ᠨᠡᠮᠡᠭᠳᠡᠭᠦᠯᠬᠦ ᠪᠣᠯᠬᠤᠷ ᠵᠠᠶᠢᠯᠠᠰᠬᠢᠬᠤ | ᠬᠡᠷᠡᠭᠲᠡᠢ᠃ | ᠬᠤᠶᠠᠷ᠂ ᠬᠡᠦᠬᠡᠳ ᠬᠡᠲᠦ ᠡᠷᠲᠡ ᠬᠡᠲᠦ ᠴᠢᠩᠭ᠎ᠠ ᠬᠡᠲᠦ ᠤᠶᠠᠨ ᠵᠦᠭᠡᠯᠡᠨ ᠪᠣᠯᠪᠠᠰᠤᠷᠠᠯ ᠬᠢᠵᠦ ᠪᠣᠯᠬᠤ ᠦᠭᠡᠢ᠃ | ᠬᠡᠦᠬᠡᠳ ᠤᠨ ᠪᠡᠶ᠎ᠡ ᠶᠢᠨ ᠪᠤᠶᠢᠵᠢᠯᠲᠠ ᠠᠳᠠᠯᠢ ᠪᠤᠰᠤ ᠱᠠᠲᠤᠨ ᠳᠤ ᠠᠳᠠᠯᠢ ᠪᠣᠰᠤ ᠪᠣᠯᠬᠤᠷ ᠰᠢᠨᠵᠢᠯᠡᠬᠦ ᠤᠬᠠᠭᠠᠨᠴᠢ ᠪᠠᠷ | ᠪᠣᠯᠪᠠᠰᠤᠷᠠᠭᠤᠯᠬᠤ ᠬᠡᠷᠡᠭᠲᠡᠢ᠃ ᠬᠡᠳᠦ ᠡᠷᠲᠡ ᠬᠡᠳᠦ ᠴᠢᠩᠭ᠎ᠠ ᠬᠡᠲᠦ ᠤᠶᠠᠨ ᠵᠦᠭᠡᠯᠡᠨ ᠪᠣᠯᠪᠠᠰᠤᠷᠠᠯ ᠬᠢᠯᠭᠡᠪᠡᠯ ᠬᠡᠦᠬᠡᠳ ᠤᠨ | ᠡᠷᠬᠡᠲᠡᠨ ᠤ ᠪᠤᠶᠢᠵᠢᠯᠲᠠ ᠮᠠᠭᠤᠳᠠᠬᠤ᠂ ᠪᠤᠯᠴᠢᠩ ᠤᠨ ᠪᠤᠶᠢᠵᠢᠯᠲᠠ ᠭᠦᠢᠴᠡᠳ ᠪᠣᠰᠤ ᠪᠣᠯᠬᠤ ᠵᠡᠷᠭᠡ ᠠᠰᠠᠭᠤᠳᠠᠯ ᠭᠠᠷᠴᠤ | ᠮᠡᠳᠡᠨ᠎ᠡ᠃ | ᠭᠤᠷᠪᠠ ᠳᠤ᠂ ᠰᠡᠭᠡᠷ ᠨᠢᠷᠤᠭᠤ᠂ ᠨᠢᠷᠤᠭᠤᠨ ᠤ ᠬᠡᠰᠡᠭ ᠲᠤ ᠬᠡᠲᠦᠷᠬᠡᠢ ᠳᠠᠷᠤᠯᠲᠠ ᠥᠭᠴᠦ ᠪᠣᠯᠬᠤ ᠦᠭᠡᠢ᠃ | ᠬᠡᠦᠬᠡᠳ ᠤᠨ ᠪᠡᠶ᠎ᠡ ᠶᠢᠨ ᠦᠰᠦᠨ ᠪᠤᠶᠢᠵᠢᠯᠲᠠ ᠵᠥᠷᠢᠶ᠎ᠡ ᠲᠠᠢ ᠪᠠᠶᠢᠵᠤ᠂ ᠭᠠᠳᠠᠨᠠᠬᠢ ᠬᠦᠴᠦ ᠶᠢ ᠬᠦᠯᠢᠶᠡᠬᠦ᠂ ᠳᠠᠷᠤᠬᠤ᠂ | ᠳᠠᠲᠠᠬᠤ ᠵᠡᠷᠭᠡ ᠦᠶ᠎ᠡ ᠭᠡᠰᠢᠭᠦᠦ᠂ ᠰᠡᠭᠡᠷ ᠨᠢᠷᠤᠭᠤ᠂ ᠰᠢᠨᠳᠠᠰᠤ ᠵᠡᠷᠭᠡ ᠶᠢᠨ ᠪᠣᠯᠪᠠᠰᠤᠷᠠᠯ ᠢ ᠬᠡᠲᠦ ᠬᠢᠪᠡᠯ᠂ ᠠᠷᠤᠭ | ᠶᠠᠰᠤᠨ ᠤ ᠪᠠᠶᠢᠷᠢ ᠰᠣᠯᠪᠢᠴᠠᠨ ᠬᠤᠪᠢᠷᠠᠬᠤ᠂ ᠦᠶ᠎ᠡ ᠭᠡᠰᠢᠭᠦᠦ ᠡᠪᠡᠳᠬᠦ ᠵᠡᠷᠭᠡ ᠪᠠᠶᠢᠳᠠᠯ ᠭᠠᠷᠴᠤ ᠮᠡᠳᠡᠬᠦ ᠪᠣᠯᠬᠤᠷ ᠶᠠᠰᠤᠨ ᠤ | ᠥᠰᠥᠯᠲᠡ ᠪᠠ ᠪᠤᠶᠢᠵᠢᠯᠲᠠ ᠶᠢ ᠬᠦᠨᠳᠦ ᠨᠣᠴᠢᠲᠠᠢ ᠨᠥᠯᠥᠭᠡᠯᠡᠳᠡᠭ᠃ | ᠳᠥᠷᠪᠡ ᠳᠤ᠂ ᠬᠡᠲᠦ ᠬᠦᠴᠢᠷ ᠲᠠᠢ ᠪᠣᠯᠪᠠᠰᠤᠷᠠᠯ ᠬᠢᠵᠦ ᠪᠣᠯᠬᠤ ᠦᠭᠡᠢ᠃ ᠥᠨᠳᠦᠷ ᠦᠰᠦᠷᠴᠦ ᠡᠷᠭᠢᠯᠳᠦᠬᠦ᠂ | ᠪᠥᠬᠦ᠋ᠢᠬᠦ᠂ ᠬᠥᠯ ᠢᠶᠠᠨ ᠰᠠᠯᠭᠠᠬᠤ᠂ ᠰᠠᠯᠲᠠᠭᠠᠯᠠᠨ ᠰᠠᠭᠤᠬᠤ ᠵᠡᠷᠭᠡ ᠬᠥᠳᠡᠯᠭᠡᠭᠡᠨ ᠢ ᠬᠢᠬᠦ ᠳᠤ ᠰᠢᠰᠲ᠋ᠧᠮᠵᠢᠭᠦᠯᠦᠭᠰᠡᠨ | ᠲᠤᠰᠬᠠᠢ ᠮᠡᠷᠭᠡᠵᠢᠯ ᠤᠨ ᠪᠣᠯᠪᠠᠰᠤᠷᠠᠯ ᠤᠨ ᠰᠠᠭᠤᠷᠢ ᠲᠠᠢ ᠪᠠᠶᠢᠬᠤ ᠬᠡᠷᠡᠭᠲᠡᠢ ᠪᠥᠭᠡᠳ ᠲᠤᠰᠬᠠᠢ ᠮᠡᠷᠭᠡᠵᠢᠯ ᠤᠨ ᠠᠵᠢᠯᠲᠠᠨ | ᠵᠢᠯᠣᠭᠤᠳᠬᠤ ᠪᠠ ᠨᠠᠰᠤᠨ ᠳᠤ ᠬᠦᠷᠦᠭᠰᠡᠳ ᠬᠠᠷᠠᠵᠤ ᠬᠠᠮᠠᠭᠠᠯᠠᠨ᠂ ᠠᠩᠬ᠎ᠠ ᠰᠤᠷᠤᠭᠰᠠᠳ ᠪᠠ ᠲᠤᠰᠬᠠᠢ ᠮᠡᠷᠭᠡᠵᠢᠯ ᠤᠨ | ᠪᠤᠰᠤ ᠬᠥᠮᠦᠰ ᠲᠤ ᠲᠣᠬᠢᠷᠠᠬᠤ ᠦᠭᠡᠢ᠃ ᠲᠤᠰᠬᠠᠢ ᠮᠡᠷᠭᠡᠵᠢᠯᠲᠡᠨ ᠠᠴᠠ 10 ᠨᠠᠰᠤ ᠬᠦᠷᠦᠭᠡ ᠦᠭᠡᠢ ᠬᠡᠦᠬᠡᠳ ︽ | ᠪᠥᠬᠦ᠋ᠢᠬᠦ︾ ᠵᠡᠷᠭᠡ ᠰᠡᠭᠡᠷ ᠨᠢᠷᠤᠭᠤ᠂ ᠨᠢᠷᠤᠭᠤᠨ ᠬᠡᠰᠡᠭ ᠤᠨ ᠪᠡᠶ᠎ᠡ ᠶᠢᠨ ᠪᠣᠯᠪᠠᠰᠤᠷᠠᠯ ᠢ ᠪᠣᠯᠭᠤᠮᠵᠢᠲᠠᠢ ᠬᠢᠵᠦ᠂ | ᠰᠢᠷᠬᠠᠲᠤᠬᠤ ᠠᠴᠠ ᠵᠠᠶᠢᠯᠠᠰᠬᠢᠬᠤ ᠶᠢ ᠰᠠᠨᠠᠭᠤᠯᠵᠤ ᠪᠠᠶᠢᠨ᠎ᠠ᠃ | ᠲᠠᠪᠤ ᠳᠤ᠂ ᠬᠡᠦᠬᠡᠳ ᠲᠤ ᠪᠡᠶ᠎ᠡ ᠰᠡᠳᠬᠢᠯ ᠤᠨ ᠡᠷᠡᠭᠦᠯ ᠮᠡᠨᠳᠦ ᠲᠠᠢ ᠨᠡᠶᠢᠴᠡᠬᠦ ᠦᠭᠡᠢ ᠠᠭᠤᠯᠭ᠎ᠠ ᠪᠥᠬᠦᠢ | ᠪᠣᠯᠪᠠᠰᠤᠷᠠᠯ ᠢ ᠬᠢᠯᠭᠡᠵᠦ ᠪᠣᠯᠬᠤ ᠦᠭᠡᠢ᠃ ᠵᠢᠭᠠᠨ ᠰᠤᠷᠭᠠᠯᠲᠠ ᠶᠢᠨ ᠲᠣᠭᠯᠠᠯᠲᠠ ᠶᠢᠨ ᠠᠭᠤᠯᠭ᠎ᠠ ᠠᠳᠠᠯᠢ ᠪᠤᠰᠤ ᠨᠠᠰᠤᠨ ᠤ | ᠬᠡᠦᠬᠡᠳ ᠤᠨ ᠪᠡᠶ᠎ᠡ ᠰᠡᠳᠬᠢᠯ ᠤᠨ ᠬᠥᠭᠵᠢᠯᠲᠡ ᠶᠢᠨ ᠣᠨᠴᠠᠯᠢᠭ ᠲᠤ ᠨᠡᠶᠢᠴᠡᠭᠰᠡᠨ ᠪᠠᠶᠢᠬᠤ ᠬᠡᠷᠡᠭᠲᠡᠢ᠂ ᠰᠣᠩᠭᠤᠭᠰᠠᠨ | ᠪᠦᠲᠦᠭᠡᠯ ᠨᠢ ᠬᠦᠴᠦᠷᠬᠡᠭᠯᠡᠯ᠂ ᠴᠢᠰᠤᠲᠤ᠂ ᠱᠠᠯᠢᠭ ᠵᠠᠪᠬᠠᠢ ᠵᠡᠷᠭᠡ ᠬᠡᠦᠬᠡᠳ ᠲᠤ ᠲᠣᠬᠢᠷᠠᠬᠤ ᠦᠭᠡᠢ ᠠᠭᠤᠯᠭ᠎ᠠ | ᠭᠠᠷᠬᠤ ᠠᠴᠠ ᠵᠠᠶᠢᠯᠠᠰᠬᠢᠵᠦ᠂ ᠬᠡᠦᠬᠡᠳ ᠤᠨ ᠥᠭᠡᠳᠡᠯᠡᠨ ᠳᠠᠪᠰᠢᠵᠤ ᠰᠠᠶᠢᠨ ᠰᠠᠶᠢᠬᠠᠨ ᠪᠠᠶᠢᠬᠤ ᠬᠦᠴᠦᠨ ᠢ ᠢᠳᠡᠪᠬᠢᠲᠡᠢ | ᠪᠤᠶᠢᠵᠢᠭᠤᠯᠬᠤ ᠬᠡᠷᠡᠭᠲᠡᠢ᠃ | ᠬᠡᠦᠬᠡᠳ ᠤᠨ ᠡᠷᠡᠭᠦᠯ ᠥᠰᠥᠯᠲᠡ ᠪᠤᠶᠢᠵᠢᠯᠲᠠ ᠪᠣᠯ ᠪᠢᠳᠡᠨ ᠤ ᠬᠠᠮᠲᠤ ᠶᠢᠨ ᠰᠠᠨᠠᠭᠠᠰᠢᠷᠠᠯ᠃ ᠥᠷᠭᠡᠨ ᠣᠯᠠᠨ | ᠭᠡᠷ ᠤᠨ ᠠᠬᠠᠮᠠᠳ ᠨᠠᠶᠢᠵᠠ ᠨᠠᠷ ᠲᠤ᠂ ᠰᠤᠷᠭᠠᠭᠤᠯᠢ ᠶᠢᠨ ᠭᠠᠳᠠᠨᠠᠬᠢ ᠪᠣᠯᠪᠠᠰᠤᠷᠠᠯ ᠳᠤ ᠤᠶᠤᠨᠴᠢ ᠪᠠᠷ ᠬᠠᠨᠳᠤᠵᠤ᠂ | ᠬᠡᠦᠬᠡᠳ ᠤᠨ ᠳᠤᠷ᠎ᠠ ᠰᠣᠨᠢᠷᠬᠠᠯ ᠪᠠ ᠨᠠᠰᠤᠨ ᠤ ᠣᠨᠴᠠᠯᠢᠭ᠂ ᠪᠡᠶ᠎ᠡ ᠮᠠᠬᠠᠪᠣᠳ ᠤᠨ ᠪᠠᠶᠢᠳᠠᠯ ᠵᠡᠷᠭᠡ ᠶᠢ ᠦᠨᠳᠦᠰᠦᠯᠡᠨ᠂ | ᠪᠣᠯᠪᠠᠰᠤᠷᠠᠯ ᠳᠤ ᠣᠷᠣᠯᠴᠠᠬᠤ ᠡᠰᠡᠬᠦ ᠪᠤᠶᠤ ᠶᠠᠮᠠᠷ ᠵᠦᠢᠯ ᠤᠨ ᠪᠣᠯᠪᠠᠰᠤᠷᠠᠯ ᠤᠨ ᠲᠥᠷᠥᠯ ᠵᠦᠢᠯ ᠢ ᠰᠣᠩᠭᠤᠬᠤ ᠶᠢ | ᠶᠡᠷᠦᠩᠬᠡᠶᠢᠯᠡᠨ ᠪᠣᠳᠣᠯᠬᠢᠯᠠᠵᠤ᠂ ᠰᠣᠬᠤᠷ ᠪᠠᠯᠠᠢ ᠪᠠᠷ ᠬᠥᠭᠡᠭᠡᠴᠡᠯᠳᠦᠬᠦ ᠦᠭᠡᠢ᠂ ᠡᠯᠳᠡᠪ ᠤᠷᠤᠰᠬᠠᠯ ᠢ ᠳᠠᠭᠠᠬᠤ ᠦᠭᠡᠢ᠂ | ᠬᠡᠦᠬᠡᠳ ᠤᠨ ᠪᠡᠶ᠎ᠡ ᠮᠠᠬᠠᠪᠣᠳ ᠤᠨ ᠪᠠᠶᠢᠳᠠᠯ ᠢ ᠴᠠᠭ ᠲᠤᠬᠠᠢ ᠳᠤ ᠨᠢ ᠠᠩᠬᠠᠷᠬᠤ ᠬᠡᠷᠡᠭᠲᠡᠢ᠂ ᠬᠡᠷᠪᠡ ᠡᠪ ᠦᠭᠡᠢ | ᠪᠠᠶᠢᠳᠠᠯ ᠲᠠᠢ ᠪᠣᠯ ᠶᠠᠭᠠᠬᠢᠭᠰᠠᠨ ᠴᠤ ᠴᠢᠷᠮᠠᠶᠢᠨ ᠪᠠᠷᠢᠮᠲᠠᠯᠠᠵᠤ ᠪᠣᠯᠬᠤ ᠦᠭᠡᠢ︔ ᠲᠣᠭᠲᠠᠭᠠᠯ ᠳᠤ ᠨᠡᠶᠢᠴᠡᠭᠰᠡᠨ | ᠪᠣᠯᠪᠠᠰᠤᠷᠠᠯ ᠤᠨ ᠪᠠᠶᠢᠭᠤᠯᠤᠮᠵᠢ ᠶᠢ ᠰᠣᠩᠭᠤᠵᠤ᠂ ᠪᠠᠶᠢᠭᠤᠯᠤᠮᠵᠢ ᠶᠢᠨ ᠰᠤᠷᠭᠠᠭᠤᠯᠢ ᠡᠷᠬᠢᠯᠡᠬᠦ ᠵᠥᠪᠰᠢᠶᠡᠷᠡᠯ ᠪᠠ | ᠡᠵᠡᠩᠨᠡᠯᠲᠡ ᠶᠢᠨ ᠦᠨᠡᠮᠯᠡᠯ ᠨᠢ ᠪᠦᠷᠢᠨ ᠭᠦᠢᠴᠡᠳ ᠪᠠᠶᠢᠬᠤ ᠡᠰᠡᠬᠦ᠂ ᠪᠠᠭᠰᠢ ᠶᠢᠨ ᠡᠩᠨᠡᠭᠡ ᠪᠠ ᠬᠢᠴᠢᠶᠡᠯ ᠤᠨ ᠵᠢᠭᠠᠨ | ᠰᠤᠷᠭᠠᠯᠲᠠ ᠨᠢ ᠵᠢᠷᠤᠮᠵᠢᠯ ᠲᠠᠢ ᠪᠠᠶᠢᠬᠤ ᠡᠰᠡᠬᠦ᠂ ᠲᠠᠯᠠᠪᠤᠷ ᠲᠥᠬᠦᠭᠡᠷᠦᠮᠵᠢ ᠨᠢ ᠠᠮᠤᠷ ᠲᠦᠪᠰᠢᠨ ᠤ ᠬᠢᠷᠢ ᠲᠡᠩᠴᠡᠭᠰᠡᠨ | ᠡᠰᠡᠬᠦ ᠵᠡᠷᠭᠡ ᠶᠢ ᠦᠵᠡᠵᠦ᠂ ᠡᠷᠬᠡᠪᠰᠢ ᠵᠢᠩᠬᠢᠨᠢ ᠪᠠᠶᠢᠭᠤᠯᠤᠮᠵᠢ ᠶᠢ ᠰᠣᠩᠭᠤᠵᠤ᠂ ᠬᠡᠦᠬᠡᠳ ᠤᠨ ᠪᠡᠶ᠎ᠡ ᠰᠡᠳᠬᠢᠯ ᠤᠨ ᠡᠷᠡᠭᠦᠯ | ᠮᠡᠨᠳᠦ ᠳᠤ ᠠᠮᠤᠷ ᠲᠦᠪᠰᠢᠨ ᠤ ᠪᠠᠲᠤᠯᠠᠭ᠎ᠠ ᠬᠠᠩᠭᠠᠬᠤ ᠬᠡᠷᠡᠭᠲᠡᠢ᠃ | | |