ᠮᠣᠩᠭᠤᠯ ᠦᠨᠳᠦᠰᠦᠲᠡᠨ ᠤ ᠬᠦᠮᠠᠢ
ᠨᠡᠶᠢᠲᠡᠯᠡᠭᠰᠡᠨ ᠴᠠᠭ᠄
2023/5/23
                  ᠬᠦᠮᠠᠢ ᠪᠣᠯ ᠮᠣᠩᠭᠤᠯᠴᠤᠳ ᠤᠨ ᠡᠭᠦᠳᠦᠨ ᠪᠦᠲᠦᠭᠡᠭᠰᠡᠨ ᠨᠢᠭᠡ ᠵᠦᠢᠯ ᠤᠨ ᠭᠠᠶᠢᠬᠠᠮᠰᠢᠭᠲᠤ  ᠳᠠᠭᠤᠤ ᠶᠢᠨ  ᠤᠷᠠᠯᠢᠭ ᠶᠤᠮ᠃ ᠨᠢᠭᠡ ᠳᠠᠭᠤᠴᠢᠨ  ᠵᠥᠪᠬᠡᠨ  ᠥᠪᠡᠷ ᠤᠨ  ᠳᠠᠭᠤ  ᠡᠭᠦᠰᠬᠡᠬᠦ  ᠡᠷᠬᠡᠲᠡᠨ ᠢᠶᠠᠷ ᠢᠶᠠᠨ  ᠠᠳᠠᠯᠢᠬᠠᠨ  ᠴᠠᠭ ᠲᠤ  ᠬᠤᠶᠠᠷ‌‍ᠲ᠋ᠠᠭᠤᠨ ᠤ ᠬᠡᠰᠡᠭ ᠢ  ᠳᠠᠭᠤᠯᠠᠳᠠᠭ᠃  ᠬᠦᠮᠡᠢ ᠶᠢᠨ  ᠳᠠᠭᠤᠨ ᠤ  ᠬᠡᠰᠡᠭ ᠤᠨ  ᠬᠠᠷᠢᠴᠠᠭᠠᠨ ᠤ  ᠦᠨᠳᠦᠰᠦᠨ  ᠪᠦᠲᠦᠴᠡ  ᠨᠢ‌ᠦᠷᠭᠦᠯᠵᠢᠯᠡᠭᠰᠡᠨ ᠨᠠᠮ ᠠᠶᠠᠰ ᠪᠠ ᠲᠡᠭᠦᠨ ᠤ ᠳᠡᠭᠡᠷᠡᠬᠢ ᠤᠷᠤᠰᠤᠮ᠎ᠠ ᠠᠶᠢᠵᠠᠮ ᠤᠨ ᠤᠶᠠᠯᠳᠤᠯ  ᠪᠣᠯᠣᠨ᠎ᠠ᠃  ᠡᠭᠦᠨ ᠢ  ᠪᠠᠰᠠ︽ᠨᠠᠷᠭᠢᠮᠠᠯ ᠬᠦᠮᠡᠢ︾᠂ ︽ᠲᠤᠷᠭᠢᠮᠠᠯ ᠬᠦᠮᠡᠢ︾᠂ ︽ᠨᠡᠶᠢᠯᠡᠮᠡᠯ ᠬᠦᠮᠡᠢ︾ ᠭᠡᠬᠦ ᠵᠡᠷᠭᠡ ᠪᠠᠷ ᠬᠤᠪᠢᠶᠠᠳᠠᠭ᠃ ᠳᠤᠮᠳᠠᠳᠤ ᠤᠯᠤᠰ ‍ᠤᠨ‌ᠡᠯ᠎ᠡ ᠦᠨᠳᠦᠰᠦᠲᠡᠨ ᠤ ᠠᠷᠠᠳ ᠤᠨ ᠳᠠᠭᠤᠤ ᠳᠤ ᠬᠤᠣᠰ ᠦᠭᠡᠢ᠃               ᠬᠦᠮᠠᠢ ᠭᠤᠣᠯᠳᠠᠭᠤ ᠥᠪᠥᠷ  ᠮᠣᠩᠭᠤᠯ ᠤᠨ  ᠥᠪᠡᠷᠲᠡᠭᠡᠨ  ᠵᠠᠰᠠᠬᠤ  ᠣᠷᠣᠨ ᠤ  ᠰᠢᠯᠢ ᠶᠢᠨ  ᠭᠤᠣᠯ᠂  ᠬᠥᠯᠥᠨ‌‍ᠪᠤᠶᠢᠷ ᠤᠨ ᠲᠠᠯ᠎ᠠ ᠨᠤᠲᠤᠭ ᠵᠢᠴᠢ ᠬᠥᠬᠡᠬᠤᠲᠠ ᠵᠡᠷᠭᠡ ᠭᠠᠵᠠᠷ ᠣᠷᠣᠨ ᠢᠶᠠᠷ ᠲᠠᠷᠬᠠᠵᠤ᠂ ᠰᠢᠨᠵᠢᠶᠠᠩ ᠤᠨ  ᠥᠪᠡᠷᠲᠡᠭᠡᠨ  ᠵᠠᠰᠠᠬᠤ‌ᠣᠷᠣᠨ ᠤ ᠠᠯᠲᠠᠢ ᠠᠭᠤᠯᠠ ᠣᠷᠴᠢᠮ ᠤᠨ ᠮᠣᠩᠭᠤᠯ ᠦᠨᠳᠦᠰᠦᠲᠡᠨ ᠤ  ᠰᠠᠭᠤᠭ᠎ᠠ  ᠭᠠᠵᠠᠷ  ᠵᠢᠴᠢ  ᠮᠣᠩᠭᠤᠯ᠂  ᠤᠷᠤᠰ ‍ᠤᠨ‌‍ᠲ᠋ᠦ᠋ᠸᠠ ᠣᠷᠣᠨ ᠳᠤ ᠴᠤ  ᠡᠶᠢᠮᠦᠷᠬᠦᠦ  ᠳᠠᠭᠤᠯᠠᠬᠤ  ᠠᠷᠭ᠎ᠠ ᠶᠢ  ᠣᠯᠵᠤ  ᠰᠣᠨᠣᠰᠳᠠᠭ᠃  ᠮᠠᠭᠠᠳᠯᠠᠯ ᠎ ᠢ  ᠦᠨᠲᠦᠰᠦᠯᠡᠪᠡᠯ᠂ᠬᠦᠮᠡᠢ ᠶᠢᠨ ᠲᠡᠦᠬᠡ ᠶᠢᠨ ᠡᠬᠢ ᠰᠤᠷᠪᠤᠯᠵᠢ  ᠶᠢ ᠾᠦᠩᠨᠦ ᠶᠢᠨ ᠦᠶ᠎ᠡ ᠶᠠᠲᠠᠬᠤ ᠳᠤ ᠮᠣᠩᠭᠤᠯ ᠦᠨᠳᠦᠰᠦᠲᠡᠨ ᠪᠤᠶ ᠪᠣᠯᠬᠤ ᠵᠢᠨ‌ᠨᠠᠭᠠᠨ᠎ᠠ ᠴᠠᠭᠠᠨ᠎ᠠ ᠬᠦᠷᠲᠡᠯ᠎ᠡ  ᠮᠦᠷᠲᠡᠵᠦ  ᠪᠤᠯᠤᠨ᠎ᠠ᠃  ᠨᠢᠭᠡ  ᠵᠦᠢᠯ ᠤᠨ  ᠣᠨᠴᠠᠭᠠᠶ  ᠠᠷᠠᠳ ᠤᠨ  ᠳᠠᠭᠤᠤ ᠶᠢᠨ  ᠬᠡᠯᠪᠡᠷᠢ‌‍ᠪᠣᠯᠤᠭᠰᠠᠨ ᠤ ᠬᠤᠪᠢ ᠳᠤ᠂ ᠬᠦᠮᠠᠢ ᠪᠣᠯ ᠮᠣᠩᠭᠤᠯ ᠦᠨᠳᠦᠰᠦᠲᠡᠨ ᠤ ᠰᠢᠯᠭᠠᠷᠠᠭᠰᠠᠨ ᠡᠭᠦᠳᠦᠯᠲᠡ ᠪᠣᠯᠬᠤ ᠶᠤᠮ᠃  ᠲᠡᠷᠡ  ᠨᠢ‌ᠮᠣᠩᠭᠤᠯ ᠦᠨᠳᠦᠰᠦᠲᠡᠨ ᠤ ᠠᠷᠠᠳ ᠲᠦᠮᠡᠨ ᠤ ᠪᠠᠶᠢᠭᠠᠯᠢ ᠶᠢᠨ ᠣᠷᠴᠢᠯᠠᠩ  ᠪᠠ  ᠳᠡᠯᠡᠬᠡᠢ ᠶᠢᠨ  ᠲᠦᠮᠡᠨ  ᠪᠣᠳᠠᠰ ᠤᠨ  ᠭᠦᠨ‌‍ᠲ᠋ᠠᠪᠬᠤᠷᠭ᠎ᠠ ᠶᠢᠨ ᠲᠤᠬᠠᠢ ᠭᠦᠨ ᠤᠬᠠᠭᠠᠨ ᠤ ᠪᠣᠳᠣᠯᠬᠢᠯᠠᠯ ᠪᠠ ᠣᠶᠢᠯᠠᠭᠠᠯᠲᠠ ᠶᠢ ᠤᠯᠠᠮᠵᠢᠯᠠᠵᠤ᠂  ᠮᠣᠩᠭᠤᠯ  ᠦᠨᠳᠦᠰᠦᠲᠡᠨ ‍ᠦ‌ᠡᠶ᠎ᠡ ᠵᠣᠬᠢᠴᠠᠯ ᠲᠠᠢ ᠣᠷᠣᠰᠢᠨ ᠲᠣᠭᠲᠠᠨᠢᠵᠤ ᠬᠥᠭᠵᠢᠬᠦ ᠶᠢ ᠬᠥᠭᠡᠭᠡᠴᠡᠯᠳᠦᠬᠦ ᠣᠶᠢᠯᠠᠭᠠᠭᠳᠠᠬᠤᠨ ᠪᠠ ᠡᠷᠡᠭᠦᠯ ᠥᠭᠡᠳᠡᠷᠬᠡᠭ ᠭᠤᠸ᠎ᠠ‌‍ᠲ᠋ᠠᠭᠠᠰᠢᠶᠠᠯ ᠤᠨ ᠳᠤᠷ᠎ᠠ ᠰᠣᠨᠢᠷᠬᠠᠯ ᠢ ᠢᠯᠡᠳᠬᠡᠵᠡᠢ᠃              ᠬᠦᠮᠠᠢ ᠪᠣᠯ ᠮᠣᠩᠭᠤᠯ ᠦᠨᠳᠦᠰᠦᠲᠡᠨ ᠤ ᠬᠠᠮᠤᠭ ᠡᠷᠲᠡᠨ ᠤ ᠤᠷᠠᠯᠢᠭ ᠤᠨ ᠬᠡᠯᠪᠡᠷᠢ ᠶᠢᠨ ᠨᠢᠭᠡ ᠮᠥᠨ᠂  ᠲᠡᠷᠡ ᠎ ᠨᠢ ᠪᠠᠯᠠᠷ ᠡᠷᠲᠡᠨ ᠤ ᠳᠠᠭᠤᠤ ᠶᠢᠨ ᠵᠠᠷᠢᠮ  ᠡᠯᠧᠮᠧᠨ᠋ᠲ ᠢ  ᠨᠡᠩ  ᠢᠯᠡᠭᠦᠦ  ᠬᠠᠳᠠᠭᠠᠯᠠᠵᠤ᠂  ᠦᠨᠳᠦᠰᠦᠲᠡᠨ ᠤ  ᠤᠢ  ᠴᠡᠭᠡᠵᠢᠨ ‍ᠦ‌‍ᠭᠦ᠋ᠨ ᠠᠴᠠ ᠢᠷᠡᠭᠰᠡᠨ ᠥᠨᠢ ᠤᠳᠠᠭᠠᠨ ᠤ ᠴᠤᠤᠷᠢᠶ᠎ᠠ ᠶᠤᠮ᠂ ᠮᠣᠩᠭᠤᠯ  ᠦᠨᠳᠦᠰᠦᠲᠡᠨ ᠤ  ᠲᠡᠦᠬᠡ᠂  ᠰᠣᠶᠣᠯ ᠲᠠᠢ  ᠨᠢᠭᠲᠠ‌ᠬᠤᠯᠪᠣᠭ᠎ᠠ ᠲᠠᠢ  ᠪᠦᠭᠡᠳ  ᠬᠥᠮᠥᠨ  ᠲᠥᠷᠥᠯᠬᠢᠲᠡᠨ ᠤ  ᠰᠤᠳᠤᠯᠤᠯ᠂  ᠦᠨᠳᠦᠰᠦᠲᠡᠨ ᠤ  ᠰᠤᠳᠤᠯᠤᠯ᠂  ᠵᠠᠩ  ᠦᠢᠯᠡ ᠵᠢᠨ‌‍ᠰᠤᠳᠤᠯᠤᠯ ᠳᠤ ᠪᠦᠷ ᠴᠢᠬᠤᠯᠠ ᠠᠴᠢ ᠬᠤᠯᠪᠣᠭᠳᠠᠯ ᠲᠠᠢ ᠶᠤᠮ᠃             ︽ᠬᠦᠮᠡᠢ︾ ᠭᠡᠬᠦ ᠡᠨᠡ ᠬᠦ ᠭᠠᠶᠢᠬᠠᠮᠰᠢᠭᠲᠤ ᠰᠠᠶᠢᠬᠠᠨ ᠳᠠᠭᠤᠯᠠᠬᠤ  ᠤᠷᠠᠯᠢᠭ ᠢ  ᠠᠪᠤᠷᠠᠨ  ᠬᠠᠮᠠᠭᠠᠯᠠᠵᠤ᠂  ᠲᠡᠭᠦᠨ ᠢ ᠮᠥᠬᠦᠯ ᠤᠨ ᠠᠶᠤᠯ ᠠᠴᠠ ᠵᠠᠶᠢᠯᠠᠭᠤᠯᠬᠤ ᠶᠠᠪᠤᠳᠠᠯ ᠪᠣᠯ ᠨᠢᠭᠡᠨ ᠴᠢᠬᠤᠯᠠ ᠮᠥᠷᠲᠡᠭᠡᠨ ᠪᠠᠴᠢᠮ ᠡᠭᠦᠷᠭᠡ ᠪᠣᠯᠬᠤ ᠶᠤᠮ ᠃      
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2