ᠮᠣᠩᠭᠤᠯ ᠦᠨᠳᠦᠰᠦᠲᠡᠨ ᠤ ᠤᠷᠲᠤ ᠶᠢᠨ ᠳᠠᠭᠤᠤ
ᠨᠡᠶᠢᠲᠡᠯᠡᠭᠰᠡᠨ ᠴᠠᠭ᠄
2023/5/23
                 ᠮᠣᠩᠭᠤᠯ ᠦᠨᠳᠦᠰᠦᠲᠡᠨ ᠤ  ᠣᠷᠳᠣ ᠎ ᠶᠢᠨ  ᠳᠠᠭᠤᠤ  ᠪᠣᠯ  ᠤᠮᠠᠷᠠᠲᠤ ᠎ ᠶᠢᠨ  ᠲᠠᠯ᠎ᠠ  ᠨᠤᠲᠤᠭ ᠤᠨ  ᠨᠡᠭᠦᠳᠡᠯᠴᠢᠨ‌ᠦᠨᠳᠦᠰᠦᠲᠡᠨ ᠤ ᠮᠠᠯ ᠠᠵᠤ ᠠᠬᠤᠢ ᠶᠢᠨ ᠦᠢᠯᠡᠳᠪᠦᠷᠢᠯᠡᠯ ᠬᠥᠳᠡᠯᠮᠦᠷᠢ ᠶᠢᠨ  ᠳᠤᠮᠳᠠ  ᠡᠭᠦᠳᠦᠨ  ᠪᠦᠲᠦᠭᠡᠭᠰᠡᠨ᠂  ᠬᠦᠳᠡᠭᠡ‌‍ᠲ᠋ᠠᠯ᠎ᠠ ᠳᠤ ᠮᠠᠯ ᠢᠶᠠᠨ ᠬᠠᠷᠢᠭᠤᠯᠬᠤ ᠪᠠ ᠤᠯᠠᠮᠵᠢᠯᠠᠯᠲᠤ  ᠪᠠᠶᠠᠷ  ᠳᠤᠷᠠᠰᠬᠠᠯ ᠤᠨ  ᠦᠶ᠎ᠡ ᠳᠤ  ᠳᠠᠭᠤᠯᠠᠳᠠᠭ  ᠨᠢᠭᠡ  ᠵᠦᠢᠯ ‍ᠦᠨ‌ᠠᠷᠠᠳ ᠤᠨ ᠳᠠᠭᠤᠤ ᠪᠣᠯᠣᠨ᠎ᠠ᠃ ᠤᠷᠳᠤ ᠶᠢᠨ ᠳᠠᠭᠤᠤ ᠶᠢᠨ ᠬᠥᠭ ᠠᠶᠠᠰ ᠨᠢ ᠣᠷᠳᠣ  ᠨᠠᠮᠤᠭᠤᠬᠠᠨ᠂  ᠰᠠᠨᠠᠭ᠎ᠠ  ᠠᠬᠤᠢ  ᠨᠢ‌ᠠᠭᠤᠵᠢᠮ᠂ ᠬᠥᠭ ᠠᠶᠠᠰ ᠨᠢ ᠴᠢᠮᠡᠭᠯᠡᠯ ᠤᠨ ᠰᠢᠨᠵᠢ ᠪᠠᠷ ᠮᠠᠰᠢ ᠪᠠᠶᠠᠯᠢᠭ᠂ ᠢᠯᠠᠩᠭᠤᠶ᠎ᠠ ︽ᠨᠤᠭᠤᠯᠤᠭ᠎ᠠ︾ ︵ᠡᠷᠡᠦ  ᠨᠤᠭᠤᠯᠤᠭ᠎ᠠ᠂ᠲᠠᠩᠨᠠᠢ ᠨᠤᠭᠤᠯᠤᠭ᠎ᠠ︶᠎ ᠶᠢᠨ ᠳᠠᠭᠤᠯᠠᠬᠤ ᠬᠡᠯᠪᠡᠷᠢ ᠪᠠᠷ ᠪᠦᠷᠢᠯᠳᠦᠭᠰᠡᠨ ᠢᠷᠠᠭᠤ ᠰᠠᠶᠢᠬᠠᠨ ᠳᠠᠭᠤᠯᠠᠬᠤ ᠠᠷᠭ᠎ᠠ ᠨᠢ  ᠬᠠᠮᠤᠭ  ᠡᠴᠠ‌ᠥᠪᠡᠷᠮᠢᠴᠡ ᠣᠨᠴᠠᠯᠢᠭ ᠲᠠᠢ ᠪᠠᠶᠢᠳᠠᠭ᠃                 ᠠᠯᠢ ᠡᠷᠲᠡ ᠮᠢᠩᠭ᠎ᠠ ᠭᠠᠷᠤᠢ ᠵᠢᠯ ᠤᠨ ᠡᠮᠦᠨ᠎ᠡ᠂  ᠮᠣᠩᠭᠤᠯᠴᠤᠳ ᠤᠨ  ᠡᠪᠦᠭᠡ  ᠳᠡᠭᠡᠳᠦᠰ  ᠡᠷᠭᠦᠨ᠎ᠡ  ᠭᠤᠣᠯ ‍ᠤᠨ‌ᠬᠤᠶᠠᠷ ᠬᠥᠪᠡᠭᠡᠨ ᠤ ᠠᠭᠤᠯᠠᠨ ᠣᠶ ᠠᠴᠠ ᠭᠠᠷᠴᠤ ᠮᠣᠩᠭᠤᠯ ᠤᠨ ᠥᠨᠳᠦᠷᠯᠢᠭ  ᠵᠦᠭ  ᠨᠡᠭᠦᠳᠡᠯᠯᠡᠵᠦ᠂  ᠦᠢᠯᠡᠳᠪᠦᠷᠢᠯᠡᠯ ‍ᠦᠨ‌ᠠᠷᠭ᠎ᠠ ᠮᠠᠶ᠋ᠢᠭ ᠨᠢ ᠴᠦ ᠠᠩ ᠠᠩᠨᠠᠯ ᠎ ᠠᠴᠠ ᠮᠠᠯ ᠠᠵᠤ ᠠᠬᠤᠢ ᠪᠣᠯᠣᠨ ᠬᠤᠪᠢᠷᠠᠵᠤ᠂ ᠣᠷᠳᠣ  ᠎ ᠶᠢᠨ  ᠳᠠᠭᠤᠤ  ᠭᠡᠬᠦ  ᠡᠨᠡ  ᠬᠦ‌‍ᠰᠢᠨ᠎ᠡ ᠠᠷᠠᠳ ᠤᠨ ᠳᠠᠭᠤᠤ ᠶᠢᠨ ᠬᠡᠯᠪᠡᠷᠢ ᠪᠣᠶ ᠪᠣᠯᠵᠤ ᠬᠥᠭᠵᠢᠭᠰᠡᠨ ᠪᠠᠶᠢᠨ᠎ᠠ᠃ ᠨᠡᠯᠢᠶᠡᠳ ᠤᠷᠲᠤ  ᠬᠤᠭᠤᠴᠠᠭᠠᠨ ᠤ  ᠲᠡᠦᠬᠡ ᠶᠢᠨ ᠬᠤᠭᠤᠴᠠᠭᠠᠨ ᠳᠤ ᠲᠡᠭᠰᠢ ᠪᠦᠲᠦᠴᠡ ᠲᠠᠢ ᠠᠩ ᠠᠩᠨᠠᠯ ᠤᠨ ᠳᠠᠭᠤᠤ ᠶᠢ ᠢᠲᠡᠭ  ᠢᠲᠡᠭ ᠎ ᠢᠶᠠᠷ  ᠣᠷᠣᠯᠠᠵᠤ᠂  ᠮᠣᠩᠭᠤᠯ‌ᠠᠷᠠᠳ ᠤᠨ  ᠳᠠᠭᠤᠤ ᠎ ᠶᠢᠨ  ᠭᠤᠣᠯᠯᠠᠬᠤ  ᠪᠠᠶᠢᠷᠢ ᠎ ᠶᠢ  ᠡᠵᠡᠯᠡᠵᠦ᠂  ᠡᠴᠦᠰ ᠲᠡᠭᠡᠨ  ᠮᠣᠩᠭᠤᠯ  ᠦᠨᠳᠦᠰᠦᠲᠡᠨ ᠤ  ᠳᠠᠭᠤᠤ‌‍ᠬᠥ᠋ᠭᠵᠢᠮ ᠤᠨ ᠨᠡᠶᠢᠲᠡᠯᠢᠭ ᠬᠡᠪ ᠨᠠᠮᠪᠠ ᠶᠢ ᠪᠦᠷᠢᠯᠳᠦᠭᠦᠯᠦᠭᠰᠡᠨ ᠪᠥᠭᠡᠳ ᠮᠣᠩᠭᠤᠯ  ᠦᠨᠳᠦᠰᠦᠲᠡᠨ ᠤ  ᠳᠠᠭᠤᠤ  ᠬᠥᠭᠵᠢᠮ ᠤᠨ ᠪᠤᠰᠤᠳ ᠬᠡᠯᠪᠡᠷᠢ ᠳᠤ ᠭᠦᠨ ᠭᠦᠨᠵᠡᠭᠡᠢ ᠨᠥᠯᠥᠭᠡ ᠦᠵᠡᠭᠦᠯᠦᠭᠰᠡᠨ ᠪᠠᠶᠢᠨ᠎ᠠ᠃ ᠣᠷᠳᠣ ᠬᠤᠭᠤᠴᠠᠭᠠᠨ ᠤ ᠴᠤᠭᠯᠠᠭᠤᠯᠤᠯᠲᠠ ᠳᠤ ᠮᠣᠩᠭᠤᠯ ᠨᠡᠭᠦᠳᠡᠯ ᠰᠣᠶᠣᠯ ᠤᠨ ᠣᠨᠴᠠᠯᠢᠭ ᠪᠠ ᠣᠨᠴᠠᠯᠢᠭ ᠢ  ᠢᠯᠡᠷᠡᠭᠦᠯᠵᠦ᠂  ᠮᠣᠩᠭᠤᠯ  ᠦᠨᠳᠦᠰᠦᠲᠡᠨ ᠤ  ᠦᠭᠡ  ᠬᠡᠯᠡ᠂ᠤᠳᠬ᠎ᠠ ᠵᠣᠬᠢᠶᠠᠯ᠂ ᠲᠡᠦᠬᠡ᠂  ᠱᠠᠰᠢᠨ  ᠰᠤᠷᠲᠠᠬᠤᠨ᠂  ᠰᠡᠳᠬᠢᠴᠡ᠂  ᠶᠢᠷᠲᠢᠨᠴᠦ ᠎ ᠶᠢᠨ  ᠦᠵᠡᠯᠲᠡ᠂  ᠠᠮᠢ  ᠠᠬᠤᠢ  ᠵᠢᠨ‌ᠦᠵᠡᠯᠲᠡ᠂ ᠠᠮᠢᠳᠤᠷᠠᠬᠤᠢ ᠶᠢᠨ ᠦᠵᠡᠯᠲᠡ᠂ ᠵᠠᠩ ᠳᠠᠳᠬᠠᠯ ᠵᠡᠷᠭᠡ ᠲᠠᠢ ᠨᠢᠭᠲᠠ  ᠬᠤᠯᠪᠣᠵᠤ᠂  ᠮᠣᠩᠭᠤᠯ  ᠦᠨᠳᠦᠰᠦᠲᠡᠨ ‍ᠦ‌‍ᠪᠥ᠋ᠬᠦ ᠲᠡᠦᠬᠡ ᠪᠠ ᠨᠡᠶᠢᠭᠡᠮ ᠤᠨ ᠠᠮᠢᠳᠤᠷᠠᠯ ᠳᠤ ᠲᠤᠭᠤᠰᠢᠯᠠᠭᠳᠠᠵᠤ ᠪᠠᠶᠢᠳᠠᠭ ᠭᠡᠵᠦ ᠬᠡᠯᠡᠵᠦ ᠪᠣᠯᠣᠨ᠎ᠠ᠃ ᠤᠷᠲᠤ ᠎ ᠶᠢᠨ  ᠳᠠᠭᠤᠤ‌‍ᠶᠢᠨ ᠦᠨᠳᠦᠰᠦᠨ  ᠰᠡᠳᠦᠪᠯᠡᠬᠦᠨ ᠳᠤ  ᠮᠠᠯᠵᠢᠯ  ᠎ ᠤᠨ  ᠳᠠᠭᠤᠤ᠂  ᠨᠤᠲᠤᠭ ᠢᠶᠠᠨ  ᠰᠠᠨᠠᠬᠤ  ᠳᠠᠭᠤᠤ᠂  ᠮᠠᠭᠲᠠᠭᠠᠯ  ᠳᠠᠭᠤᠤ᠂ᠬᠤᠷᠢᠮ ᠤᠨ ᠳᠠᠭᠤᠤ ᠪᠠ ᠳᠠᠶᠢᠯᠠᠯᠭ᠎ᠠ ᠶᠢᠨ ᠳᠠᠭᠤᠤ ︵ᠪᠠᠰᠠ ᠠᠷᠢᠬᠢᠨ ᠳᠠᠭᠤᠤ ᠭᠡᠳᠡᠭ︶ ᠵᠡᠷᠭᠡ ᠪᠤᠶ᠃              ᠤᠷᠲᠤ ᠎ ᠶᠢᠨ  ᠳᠠᠭᠤᠤ ᠎ ᠶᠢᠨ  ᠰᠡᠳᠦᠪᠯᠡᠬᠦᠨ ᠎ ᠨᠢ  ᠮᠣᠩᠭᠤᠯᠴᠤᠳ ᠤᠨ  ᠨᠡᠶᠢᠭᠡᠮ ᠤᠨ  ᠠᠮᠢᠳᠤᠷᠠᠯ ᠲᠠᠢ   ᠨᠢᠭᠲᠠ‌ᠬᠤᠯᠪᠣᠭ᠎ᠠ ᠲᠠᠢ ᠪᠠᠶᠢᠳᠠᠭ᠂ ᠮᠣᠩᠭᠤᠯᠴᠤᠳ  ᠪᠦᠬᠦᠶᠢᠯᠡ ᠪᠠᠶᠠᠷ ᠳᠤᠷᠠᠰᠬᠠᠯ ᠤᠨ ᠡᠳᠦᠷ᠂ ᠬᠤᠷᠢᠮ  ᠨᠠᠶᠢᠷ᠂  ᠲᠥᠷᠥᠯ  ᠰᠠᠳᠤᠨ‌ᠨᠠᠶᠢᠵᠠ ᠨᠥᠬᠦᠳ ᠲᠠᠢ ᠪᠠᠨ ᠠᠭᠤᠯᠵᠠᠬᠤ᠂ ︽ᠨᠠᠭᠠᠳᠤᠮ︾ ᠵᠡᠷᠭᠡ ᠠᠵᠢᠯᠯᠠᠭ᠎ᠠ ᠳᠤ ᠵᠠᠪᠠᠯ ᠳᠠᠭᠤᠯᠠᠳᠠᠭ ᠳᠠᠭᠤᠤ ᠶᠤᠮ᠂ ᠡᠨᠡ  ᠨᠢ‌ᠮᠣᠩᠭᠤᠯᠴᠤᠳ ᠤᠨ ᠣᠶᠤᠨ ᠰᠠᠨᠠᠭᠠᠨ ᠤ ᠲᠡᠦᠬᠡ ᠪᠠ ᠰᠣᠶᠣᠯ ᠤᠨ ᠬᠡᠪ ᠨᠠᠮᠪᠠ ᠶᠢ ᠪᠥᠬᠦ ᠲᠠᠯ᠎ᠠ ᠪᠠᠷ ᠲᠤᠰᠬᠠᠭᠰᠠᠨ ᠶᠤᠮ᠂ ᠡᠨᠡ‌ᠨᠢ ᠮᠣᠩᠭᠤᠯ ᠦᠨᠳᠦᠰᠦᠲᠡᠨ ᠤ ᠠᠷᠠᠳ ᠲᠦᠮᠡᠨ ᠤ ᠣᠶᠤᠨ ᠰᠠᠨᠠᠭᠠᠨ ᠤ ᠲᠡᠦᠬᠡ ᠪᠠ  ᠰᠣᠶᠣᠯ ᠤᠨ  ᠬᠡᠪ  ᠨᠠᠮᠪᠠ ᠎ ᠶᠢ  ᠪᠥᠬᠦ‌‍ᠲ᠋ᠠᠯ᠎ᠠ ᠪᠠᠷ ᠬᠠᠷᠠᠭᠤᠯᠵᠤ ᠪᠠᠶᠢᠭ᠎ᠠ ᠶᠤᠮ᠃ ᠤᠷᠲᠤ ᠎ ᠶᠢᠨ ᠳᠠᠭᠤᠤ ᠶᠢᠨ ᠰᠤᠳᠤᠯᠤᠯ ᠨᠢ ᠳᠠᠭᠤᠤ ᠬᠥᠭᠵᠢᠮ ᠤᠨ ᠤᠬᠠᠭᠠᠨ ᠤ  ᠠᠯᠢ‌ᠣᠯᠠᠨ ᠰᠠᠯᠪᠤᠷᠢ ᠰᠢᠨᠵᠢᠯᠡᠭᠡᠨ ᠳᠤ ᠬᠤᠯᠪᠣᠭᠳᠠᠵᠤ᠂ ᠲᠡᠭᠦᠨ ᠤ ᠲᠤᠬᠠᠢ ᠰᠤᠳᠤᠯᠤᠯ ᠪᠠ ᠬᠠᠮᠠᠭᠠᠯᠠᠯᠲᠠ ᠨᠢ ᠦᠨᠡᠨ ᠳᠡᠭᠡᠨ  ᠥᠨᠢ‌ᠤᠳᠠᠭᠠᠨ ᠲᠡᠦᠬᠡ ᠲᠠᠢ ᠲᠠᠯ᠎ᠠ ᠨᠤᠲᠤᠭ ᠤᠨ ᠪᠣᠯᠪᠠᠰᠤᠨ ᠪᠠ ᠲᠠᠯ᠎ᠠ ᠨᠤᠲᠤᠭ ᠤᠨ  ᠰᠣᠶᠣᠯ ᠤᠨ  ᠲᠥᠷᠥᠯ  ᠵᠦᠢᠯ ᠤᠨ  ᠲᠤᠬᠠᠢ‌ᠬᠠᠮᠤᠭ ᠤᠨ ᠬᠦᠴᠦᠲᠡᠢ ᠤᠯᠠᠮᠵᠢᠯᠠᠯ ᠪᠠ ᠬᠠᠮᠠᠭᠠᠯᠠᠯᠲᠠ ᠪᠣᠯᠬᠤ ᠶᠤᠮ᠃      
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2