ᠠᠭᠤᠵᠢᠮ ᠰᠡᠳᠬᠢᠯ ᠲᠠᠢ ᠭᠦᠮᠣᠨ ᠤ ᠪᠠᠶ᠎ᠠ ᠮᠠᠬᠠᠪᠣᠳ ᠡᠷᠡᠬᠦᠯ ᠴᠢᠬᠢᠷᠠᠭ ᠪᠠᠶᠢᠳᠠᠭ
ᠨᠡᠶᠢᠲᠡᠯᠡᠭᠰᠡᠨ ᠴᠠᠭ᠄
2020/5/19
      ᠰᠡᠳᠬᠢᠯ ᠰᠠᠨᠠᠭ᠎ᠠ ᠡᠷᠡᠬᠦᠯ ᠪᠣᠰᠣ ᠬᠦᠮᠣᠨ ᠠᠯᠢᠪᠠ ᠣᠴᠢᠷ ᠢ ᠴᠦᠮ ᠠᠮᠢ ᠬᠤᠪᠢ ᠲᠠᠢ ᠪᠠᠨ ᠬᠤᠯᠪᠣᠨ ᠪᠣᠳᠣᠳᠠᠭ ᠪᠠᠶᠢᠨ᠎ᠠ᠃ ᠬᠦᠮᠣᠰ ᠤᠨ ᠬᠠᠷᠢᠴᠠᠭᠠᠨ ᠤ ᠲᠠᠯ᠎ᠠ ᠪᠠᠷ ᠡᠷᠡᠬᠦᠯ ᠰᠡᠳᠬᠢᠯ ᠲᠠᠢ ᠬᠦᠮᠣᠨ ᠤ ᠦᠬᠡ ᠶᠠᠷᠢᠶ᠎ᠠ ᠵᠠᠩ ᠴᠢᠨᠠᠷ ᠦᠰᠣᠳ ᠦᠬᠡᠷ᠎ᠠ ᠪᠠᠷ ᠢᠯᠡᠷᠡᠳᠡᠭ ᠶᠣᠮ᠃ ᠶᠠᠷᠣᠨᠢ ᠰᠡᠳᠬᠢᠯ ᠡᠷᠡᠬᠦᠯ ᠬᠦᠮᠣᠨ ᠶᠠᠮᠠᠷ ᠴᠤ ᠬᠦᠮᠣᠨ ᠳᠤ ᠴᠦᠮ ᠨᠦᠬᠦᠷᠰᠡᠭ ᠢᠶᠠᠷ ᠲᠣᠰᠠᠴᠢ ᠪᠠᠷ ᠬᠠᠨᠳᠣᠳᠠᠭ ᠪᠦᠬᠡᠳ ᠬᠡᠵᠢᠶᠠᠳᠠ ᠦᠨᠡᠡᠴᠢ ᠣᠪᠣᠷ ᠢᠶᠠᠷ ᠬᠠᠷᠢᠴᠠᠳᠠᠭ᠃ ᠠᠡᠳᠠ ᠨᠦᠬᠦᠷ ᠤᠨ ᠢᠶᠠᠨ ᠠᠮᠵᠢᠯᠳᠠ ᠳᠤ ᠪᠠᠶᠠᠷᠯᠠᠨ ᠵᠣᠷᠢᠭᠵᠢᠵᠣ᠂ ᠪᠠᠶᠠᠷ ᠪᠠᠶᠠᠰᠣᠯ ᠢ ᠨᠢ ᠬᠤᠪᠢᠶᠠᠯᠴᠠᠨ ᠡᠳ᠋ᠯᠠᠬᠦ ᠪᠣᠯᠬᠤᠷ ᠦᠷᠬᠦᠯᠵᠢ ᠪᠠᠶᠠᠷ ᠬᠦᠷ ᠲᠠᠢ ᠶᠠᠪᠣᠳᠠᠭ᠃       ᠰᠡᠳᠬᠢᠯ ᠤᠨ ᠬᠦᠴᠦᠨ ᠳᠡᠭᠡᠨ ᠢᠳᠡᠬᠡᠯ ᠲᠠᠢ ᠬᠦᠮᠣᠨ ᠶᠠᠷᠣ ᠨᠢ ᠠᠡᠳᠠ ᠨᠠᠶᠢᠵᠠ᠂ ᠠᠵᠢᠯ ᠦᠢᠯᠡᠰ ᠲᠡᠭᠡᠨ ᠬᠡᠵᠢᠶ᠎ᠠ᠂ ᠬᠠᠮᠢᠭ᠎ᠠ ᠴᠤ ᠣᠷᠬᠢᠯᠣᠮ᠎ᠠ ᠬᠠᠯᠠᠭᠤᠨ ᠰᠡᠳᠬᠢᠯ ᠲᠠᠢ ᠪᠠᠶᠢᠵᠣ᠂ ᠠᠵᠢᠯ ᠦᠢᠯᠡᠰ ᠤᠨ ᠪᠦᠳᠣᠮᠵᠢ ᠶᠢ ᠯᠡ ᠲᠠᠷᠢᠬᠦᠨ ᠳᠤ ᠲᠠᠯᠪᠢᠳᠠᠭ ᠪᠣᠯᠬᠤᠷ ᠬᠠᠳᠠᠭᠤᠵᠢᠯᠳᠠᠢ ᠠᠵᠢᠯᠯᠠᠬᠤ ᠴᠢᠬᠤᠯᠠᠳᠠᠢ ᠦᠶ᠎ᠠ ᠳᠤ ᠨᠦᠢᠷ ᠬᠤᠭᠤᠯᠠᠨ ᠤ ᠴᠠᠭ ᠢᠶᠠᠨ ᠴᠤ ᠲᠣᠷ᠎ᠠ ᠲᠠᠢ ᠠᠵᠢᠯ ᠦᠢᠯᠡᠰ ᠲᠡᠭᠡᠨ ᠵᠣᠷᠢᠭᠤᠯᠳᠠᠭ᠃ ᠬᠠᠯᠠᠭᠤᠨ ᠰᠡᠳᠬᠢᠯ ᠳᠤ ᠬᠦᠮᠣᠨ ᠤ ᠰᠠᠬᠢᠯ ᠬᠠᠶᠢᠯᠣᠨ ᠠᠭᠤᠰᠴᠣ ᠬᠦᠴᠢᠷ ᠪᠡᠷᠬᠡ ᠴᠤ ᠠᠶᠠᠡᠳᠠᠭᠠᠨ ᠰᠢᠢᠳᠪᠣᠷᠢᠯᠡᠭᠳᠡᠬᠡᠳ ᠠᠵᠢᠯ ᠦᠢᠯᠡᠰ ᠨᠢ ᠪᠦᠳᠣᠮᠵᠢᠳᠠᠢ᠂ ᠣᠷᠣᠭᠰᠢᠳᠠᠢ᠂ ᠰᠠᠶᠢᠨ ᠪᠠᠶᠢᠳᠠᠭ᠃    ᠦᠪᠡᠷ ᠤᠨ ᠰᠡᠳᠬᠢᠯ ᠤᠨ ᠬᠦᠴᠣᠨ ᠳᠡᠭᠡᠨ ᠢᠳᠡᠬᠡᠯ ᠲᠠᠢ ᠬᠦᠮᠣᠨ ᠶᠡᠷᠣᠳᠠᠬᠡᠨ ᠮᠠᠰᠢ ᠦᠨᠡᠡᠴᠢ ᠰᠢᠳᠣᠷᠭᠤ ᠪᠠᠶᠢᠳᠠᠭ ᠲᠣᠯᠠ ᠬᠦᠮᠣᠨ ᠤ ᠬᠦᠷᠢᠶᠡᠯᠡᠯ ᠢ ᠣᠯᠳᠠᠭ᠂ ᠲᠡᠳᠡ ᠦᠬᠡ ᠬᠡᠯᠡᠬᠦ ᠳᠡᠭᠡᠨ ᠴᠦᠮ ᠦᠨᠡᠨ ᠮᠦᠨ ᠢ ᠪᠠᠷᠢᠮᠳᠠᠯᠠᠵᠣ ᠬᠤᠳᠠᠯ ᠬᠡᠯᠡᠵᠣ ᠬᠠᠭᠤᠷᠮᠠᠭ ᠶᠠᠪᠣᠳᠠᠭ ᠦᠬᠡᠢ᠃ ᠣᠴᠢᠷ ᠨᠢ ᠦᠢᠯᠡᠰ ᠪᠦᠳᠦᠬᠡᠬᠦ ᠶᠢᠨ ᠲᠦᠯᠦᠬᠡ ᠪᠦᠬᠦ ᠰᠡᠳᠬᠢᠯ ᠢᠶᠠᠷ ᠢᠶᠠᠨ ᠵᠢᠳᠬᠦᠬᠡᠳ ᠠᠮᠵᠢᠬᠤ ᠦᠬᠡᠢ ᠪᠠᠶᠢᠬᠤ ᠲᠣᠯᠠ ᠬᠤᠳᠠᠯ ᠢ ᠰᠡᠳᠬᠢᠵᠣ ᠬᠠᠭᠤᠷᠮᠠᠭ ᠢ ᠪᠣᠳᠣᠬᠤ ᠴᠢᠯᠣᠬᠡ ᠬᠠᠮᠢᠭ᠎ᠠ ᠪᠠᠶᠢᠬᠤᠪ᠂ ᠲᠠᠶᠢᠮᠣ ᠣᠬᠠᠭᠠᠨ ᠬᠠᠮᠢᠭ᠎ᠠ ᠠᠴᠠ ᠣᠷᠣᠬᠤ ᠪᠢᠯᠨ᠃           ᠰᠡᠳᠬᠢᠯ ᠤᠨ ᠬᠦᠴᠣᠨ ᠳᠡᠭᠡᠨ ᠢᠳᠡᠬᠡᠯ ᠲᠠᠢ᠂ ᠪᠠᠶ᠎ᠠ ᠳᠡᠭᠡᠨ ᠢᠳᠡᠬᠡᠯ ᠲᠠᠢ᠂ ᠦᠢᠯᠡᠰ ᠲᠡᠭᠡᠨ ᠢᠳᠡᠬᠡᠯ ᠲᠠᠢ ᠂ ᠨᠦᠬᠦᠳ ᠲᠡᠭᠡᠨ ᠴᠤ ᠢᠳᠡᠬᠡᠯ ᠲᠠᠢ ᠪᠠᠶᠢᠳᠠᠭ ᠪᠣᠯᠬᠤᠷ ᠰᠡᠳᠬᠢᠯ ᠰᠠᠨᠠᠭ᠎ᠠ ᠨᠢ ᠡᠷᠡᠬᠦᠯ ᠰᠠᠷᠠᠭᠤᠯ᠂ ᠪᠠᠶ᠎ᠠ ᠮᠠᠬᠠᠪᠣᠳ ᠨᠢ ᠡᠷᠡᠬᠦᠯ ᠴᠢᠬᠢᠷᠠᠭ᠂ ᠠᠵᠢᠯ ᠦᠢᠯᠡᠰ ᠨᠢ ᠪᠦᠳᠣᠮᠵᠢᠳᠠᠢ ᠪᠠᠶᠢᠳᠠᠭ᠃ ᠰᠡᠳᠬᠢᠯ ᠰᠠᠨᠠᠭ᠎ᠠ ᠨᠢ ᠡᠷᠡᠬᠦᠯ ᠪᠣᠰᠣ ᠬᠦᠮᠣᠨ ᠶᠠᠷᠣ ᠳᠡᠭᠡᠨ ᠪᠣᠰᠣᠳ ᠨᠦᠬᠦᠳ ᠬᠠᠨᠢ ᠪᠠᠨ ᠰᠠᠨᠠᠭᠠᠴᠢᠯᠠᠭ᠎ᠠ ᠲᠠᠢ ᠪᠠᠷ ᠦᠷᠣ ᠡᠪᠡᠳᠣᠨ ᠲᠣᠰᠠᠯᠠᠳᠠᠭ ᠦᠬᠡᠢ᠂ ᠬᠠᠨᠢ ᠨᠦᠬᠦᠳ ᠤᠨ ᠢᠶᠠᠨ ᠠᠵᠢᠯ ᠤᠨ ᠠᠮᠵᠢᠯᠳᠠ ᠳᠤ ᠪᠠᠶᠠᠰᠳᠠᠭ ᠦᠬᠡᠢ ᠪᠠᠷ ᠦᠯᠣ ᠪᠠᠷᠠᠠ ᠬᠡᠳᠡᠷᠬᠦ ᠪᠠᠨ ᠠᠳᠠᠭᠠᠷᠬᠠᠵᠣ ᠪᠠᠶᠢᠳᠠᠭ᠃ ᠲᠡᠳᠡ ᠪᠠᠶᠠᠷ ᠬᠦᠷ ᠲᠠᠢ ᠶᠠᠪᠣᠬᠤ ᠴᠠᠭ ᠮᠠᠰᠢ ᠬᠤᠪᠣᠷ᠂ ᠶᠠᠷᠣ ᠨᠢ ᠠᠳᠠᠭ᠎ᠠ ᠵᠢᠳᠣᠬᠡ ᠳᠤ ᠰᠡᠳᠬᠢᠯ ᠨᠢ ᠡᠮᠵᠢᠭᠯᠡᠨ ᠰᠢᠨᠠᠯᠵᠤ ᠪᠠᠶᠢᠳᠠᠭ᠃ ᠲᠡᠳᠡ ᠬᠡᠨ ᠳᠤ ᠴᠤ ᠦᠨᠡᠨ ᠦᠬᠡ ᠪᠠᠨ ᠬᠡᠯᠡᠳᠡᠭ ᠦᠬᠡᠢ᠃ ᠶᠠᠭᠤ ᠪᠦᠬᠦᠨ ᠢᠶᠠᠨ ᠨᠢᠭᠤᠨ ᠲᠠᠯᠳᠠᠯᠠᠳᠠᠭ ᠪᠣᠯᠬᠤᠷ ᠦᠨᠡᠨ ᠰᠡᠳᠬᠢᠯ ᠢᠶᠠᠨ ᠮᠡᠳᠡᠯᠴᠡᠭᠰᠠᠠ ᠠᠡᠳᠠ ᠨᠠᠶᠢᠵᠠ ᠬᠡᠵᠣ ᠪᠠᠷᠤᠭ ᠪᠠᠶᠢᠳᠠᠭ ᠦᠬᠡᠢ᠃ ᠡᠶᠢᠮᠣ ᠬᠦᠮᠣᠨ ᠢ ᠶᠠᠷᠣ ᠨᠢ ᠬᠦᠮᠣᠨ ᠲᠠᠭᠠᠰᠢᠶᠠᠳᠠᠭ ᠦᠬᠡᠢ᠃ ᠡᠶᠢᠮᠣ ᠬᠦᠮᠣᠨ ᠦᠨᠡᠨ ᠬᠦ ᠠᠵᠢᠯ ᠦᠢᠯᠡᠰ ᠪᠦᠳᠣᠬᠡᠬᠦ᠂ ᠠᠵᠣ ᠠᠮᠢᠳᠣᠷᠠᠯ ᠴᠣᠭᠴᠠᠯᠠᠬᠤ ᠳᠤ ᠰᠡᠳᠬᠢᠯ ᠰᠠᠨᠠᠭ᠎ᠠ ᠴᠡᠪᠡᠷ ᠡᠷᠡᠬᠦᠯ ᠬᠦᠮᠣᠨ ᠠᠴᠠ ᠬᠡᠯᠡᠯᠬᠡᠨ ᠦᠬᠡᠢ ᠬᠤᠴᠣᠷᠤᠨ᠎ᠠ᠃                                   ᠢᠷᠡᠯᠲᠡ᠄ ᠤᠯᠠᠭᠠᠨᠬᠠᠳᠠ ᠶᠢᠨ ᠡᠳᠦᠷ ᠤᠨ ᠰᠣᠨᠢᠨ
 
ᠢᠷᠡᠯᠲᠡ᠄ ᠤᠯᠠᠭᠠᠨᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2