ᠥᠷᠯᠥᠭᠡᠨ ᠤ ᠴᠠᠢ ᠶᠢᠨ ᠤᠯᠠᠠ ᠠᠴᠢ ᠳᠤᠰᠠ
ᠨᠡᠶᠢᠲᠡᠯᠡᠭᠰᠡᠨ ᠴᠠᠭ᠄
2020/4/16
       1. ᠥᠷᠯᠥᠭᠡᠨ ᠤ ᠴᠠᠢ ᠶᠢ ᠪᠠᠨ ᠲᠣᠭᠲᠠᠮᠠᠯ ᠤᠤᠭᠤᠳᠠᠭ ᠬᠦᠮᠦᠰ ᠡᠷᠡᠭᠦᠯ᠂ ᠠᠮᠵᠢᠯᠲᠠ ᠲᠠᠢ ᠪᠠᠶᠢᠳᠠᠭ᠃ ᠮᠡᠷᠭᠡᠵᠢᠯᠲᠡᠨ ᠠᠴᠠ᠂ ᠥᠷᠯᠥᠭᠡᠨ ᠤ ᠴᠠᠢ ᠤᠤᠭᠤᠭᠰᠠᠨ ᠡᠰᠡᠬᠦ ᠨᠢ ᠬᠦᠮᠦᠨ ᠤ ᠲᠥᠪᠯᠡᠷᠡᠬᠦ᠂ ᠲᠣᠭᠲᠠᠭᠠᠬᠤ᠂ ᠠᠵᠢᠯᠯᠠᠬᠤ ᠴᠢᠳᠠᠪᠤᠷᠢ ᠳᠤ ᠨᠥᠯᠦᠭᠡᠯᠡᠳᠡᠭ ᠢ ᠲᠣᠭᠲᠠᠭᠠᠵᠡᠢ᠃ ᠰᠥᠨᠢ ᠤᠨᠲᠠᠵᠤ ᠠᠮᠠᠷᠠᠭᠰᠠᠨ ᠤ ᠳᠠᠷᠠᠭ᠎ᠠ ᠬᠦᠮᠦᠨ ᠤ ᠴᠢᠰᠤᠨ ᠳᠠᠬᠢ ᠰᠢᠬᠢᠷ ᠤᠨ ᠪᠤᠶᠤ ᠭᠯᠶᠦ᠋ᠢᠺᠦᠽᠢ ᠶᠢᠨ ᠬᠡᠮᠵᠢᠶ᠎ᠡ ᠪᠠᠭᠤᠷᠠᠭᠰᠠᠨ ᠪᠠᠶᠢᠳᠠᠭ᠃ ᠬᠠᠷᠢᠨ ᠭᠯᠶᠦ᠋ᠢᠺᠦᠽ ᠪᠣᠯ ᠲᠠᠷᠢᠬᠢᠨ ᠤ ᠪᠣᠯᠤᠨ ᠪᠤᠯᠴᠢᠩ ᠤᠨ ᠭᠤᠣᠯ ᠡᠷᠴᠢᠮ ᠬᠦᠴᠦᠨ ᠤ ᠡᠬᠢ ᠡᠭᠦᠰᠪᠦᠷᠢ ᠶᠤᠮ᠃ ᠡᠶᠢᠮᠦ ᠠᠴᠠ ᠲᠠᠷᠢᠬᠢ ᠬᠡᠪ ᠤᠨ ᠬᠡᠮᠵᠢᠶᠡᠨ ᠳᠤ ᠠᠵᠢᠯᠯᠠᠬᠤ ᠶᠢᠨ ᠲᠤᠯᠠᠳᠠ ᠬᠡᠷᠡᠭᠴᠡᠭᠡᠲᠦ ᠰᠢᠮ᠎ᠡ ᠲᠡᠵᠢᠭᠡᠯ ᠤᠳ ᠢ ᠥᠷᠯᠥᠭᠡᠨ ᠤ ᠴᠠᠢ ᠠᠴᠠ ᠪᠠᠨ ᠠᠪᠴᠤ ᠪᠠᠶᠢᠬᠤ ᠪᠠᠷ ᠵᠣᠬᠢᠴᠠᠭᠤᠯᠤᠭᠳᠠᠭᠰᠠᠨ ᠪᠠᠶᠢᠳᠠᠭ᠃ ᠥᠭᠡᠷ᠎ᠡ ᠪᠠᠷ ᠬᠡᠯᠡᠪᠡᠯ ᠬᠤᠭᠤᠯᠠ ᠢᠳᠡᠬᠦ ᠠᠴᠠ ᠨᠠᠰᠢ ᠪᠣᠳᠠᠰ ᠤᠨ ᠰᠣᠯᠢᠯᠴᠠᠭ᠎ᠠ ᠶᠠᠪᠤᠭᠳᠠᠵᠤ᠂ ᠪᠦᠬᠦ ᠡᠷᠬᠡᠲᠡᠨ ᠨᠦᠭᠦᠳ ᠬᠡᠪ ᠤᠨ ᠦᠢᠯᠡ ᠠᠵᠢᠯᠯᠠᠭᠠᠨ ᠳᠠᠭᠠᠨ ᠣᠷᠣᠵᠤ ᠴᠢᠳᠠᠬᠤ ᠦᠭᠡᠢ ᠭᠡᠰᠡᠨ ᠦᠭᠡ᠃ ᠥᠷᠯᠥᠭᠡᠨ ᠤ ᠴᠠᠭ ᠢ ᠢᠯᠡᠭᠦᠦ ᠠᠩᠬᠠᠷᠤᠯᠲᠠᠢ᠂ ᠦᠷ᠎ᠡ ᠪᠦᠲᠦᠭᠡᠯ ᠲᠠᠢ ᠥᠩᠭᠡᠷᠡᠭᠦᠯᠬᠦ ᠶᠢ ᠬᠦᠰᠡᠪᠡᠯ ᠲᠡᠵᠢᠭᠡᠯᠯᠢᠭ ᠵᠦᠢᠯ ᠵᠠᠪᠠᠯ ᠢᠳᠡᠭᠡᠷᠡᠢ᠃         2. ᠢᠳᠡᠪᠬᠢᠲᠡᠢ᠂ ᠡᠷᠴᠢ ᠬᠦᠴᠦᠲᠡᠢ ᠠᠮᠢᠳᠤᠷᠠᠯ ᠳᠤ ᠥᠷᠯᠥᠭᠡᠨ ᠤ ᠴᠠᠢ ᠴᠢᠬᠤᠯᠠ᠃ ᠡᠩ ᠤᠨ ᠦᠭᠡ ᠪᠠᠷ ᠬᠡᠯᠡᠪᠡᠯ ᠥᠷᠯᠥᠭᠡᠨ ᠤ ᠴᠠᠢ ᠤᠤᠭᠤᠭᠰᠠᠨ ᠬᠦᠮᠦᠨ ᠤ ᠪᠡᠶ᠎ᠡ ᠢᠯᠡᠭᠦᠦ ᠶᠡᠭᠡ ᠡᠷᠴᠢ ᠬᠦᠴᠦᠲᠡᠢ᠂ ᠰᠡᠷᠭᠡᠭ ᠪᠠᠶᠢᠳᠠᠭ᠃ ᠠᠩᠭ᠍ᠯᠢ ᠶᠢᠨ ᠡᠷᠳᠡᠮᠲᠡᠳ ᠥᠷᠯᠥᠭᠡᠨ ᠤ ᠴᠠᠢ ᠤᠤᠭᠤᠭᠰᠠᠨ ᠤ ᠳᠠᠷᠠᠭ᠎ᠠ ᠪᠠᠷ ᠪᠡᠶ᠎ᠡ ᠳᠤ ︽ᠡᠨᠧᠷᠭᠢ ᠦᠢᠯᠡᠳᠪᠦᠷᠢᠯᠡᠵᠦ ᠡᠬᠢᠯᠡᠭᠡᠷᠡᠢ︾ ᠭᠡᠰᠡᠨ ᠳᠣᠬᠢᠶ᠎ᠠ ᠲᠠᠷᠬᠠᠭᠠᠳᠠᠭ ᠪᠣᠯᠬᠤ ᠶᠢ ᠲᠣᠭᠲᠠᠭᠠᠵᠠᠢ᠃ ᠲᠡᠭᠡᠬᠦ ᠪᠠᠷ ᠥᠷᠯᠥᠭᠡᠨ ᠤ ᠴᠠᠢ ᠤᠤᠭᠤᠭᠰᠠᠨ ᠤ ᠳᠠᠷᠠᠭ᠎ᠠ ᠪᠡᠶ᠎ᠡ ᠴᠢᠨᠢ ᠡᠷᠴᠢ ᠬᠦᠴᠦ ᠤᠨᠳᠤᠷᠤᠭᠠᠳ ᠯᠠ ᠪᠠᠶᠢᠨ᠎ᠠ ᠭᠡᠰᠡᠨ ᠦᠭᠡ ᠶᠤᠮ᠃ ᠲᠡᠶᠢᠮᠦ ᠠᠴᠠ ᠥᠷᠯᠥᠭᠡᠨ ᠤ ᠴᠠᠢ ᠶᠢ ᠪᠠᠨ ᠠᠯᠭᠠᠰᠠᠵᠤ ᠪᠣᠯᠬᠤ ᠦᠭᠡᠢ ᠰᠢᠦ︕         3. ᠥᠷᠯᠥᠭᠡ ᠢᠯᠴᠢᠯᠢᠭ᠂ ᠡᠷᠡᠭᠦᠯ ᠬᠦᠨᠡᠰᠦ ᠬᠡᠷᠡᠭᠯᠡᠪᠡᠯ ᠲᠦᠷᠭᠡᠨ ᠬᠤᠭᠤᠯᠠᠨ ᠠᠴᠠ ᠲᠠᠲᠠᠭᠠᠯᠵᠠᠬᠤ ᠳᠤ ᠴᠢᠨᠢ ᠲᠤᠰᠠᠯᠠᠨ᠎ᠠ᠃ ︽ᠥᠷᠯᠥᠭᠡ ᠶᠠᠭᠤᠮ᠎ᠠ ᠢᠳᠡᠬᠦ ᠦᠭᠡᠢ ᠪᠠᠶᠢᠬᠤ ᠳᠤ ᠵᠦᠪ ᠵᠦᠭᠡᠷ ᠪᠠᠶᠢᠳᠠᠭ ᠮᠥᠷᠲᠡᠯ᠎ᠡ ᠶᠠᠭ ᠡᠳᠦᠷ ᠤᠨ ᠴᠠᠢ ᠶᠢᠨ ᠴᠠᠭ ᠪᠣᠯᠬᠤᠷ ᠯᠠ ᠭᠡᠳᠤᠨ ᠬᠤᠨᠤᠭ ᠬᠤᠭᠤᠰᠣᠨ ᠪᠠᠶᠢᠭᠰᠠᠨ ᠶᠤᠮ ᠰᠢᠬ ᠥᠯᠦᠰᠳᠡᠭ ᠰᠢᠲᠠ︾ ᠥᠷᠯᠥᠭᠡᠨ ᠤ ᠴᠠᠢ ᠶᠢ ᠪᠠᠨ ᠤᠤᠭᠤᠳᠠᠭ ᠦᠭᠡᠢ ᠬᠦᠮᠦᠰ ᠢᠩᠭᠢᠵᠦ ᠬᠡᠯᠡᠬᠦ ᠨᠢ ᠣᠯᠠᠨᠲᠠ ᠪᠣᠯᠪᠠᠰᠤᠷᠠᠭᠤᠯᠬᠤ ᠵᠦᠢᠯ ᠦᠭᠡᠢ᠂ ᠬᠤᠪ ᠬᠤᠭᠤᠰᠣᠨ ᠬᠤᠳᠣᠭᠤᠳᠣ ᠲᠠᠢ ᠦᠶ᠎ᠡ ᠳᠤ ᠲᠥᠪ ᠮᠡᠳᠡᠷᠡᠯ ᠤᠨ ᠰᠢᠰᠲ᠋ᠧᠮ ᠠᠴᠠ ᠴᠢᠮ᠎ᠠ ᠳᠤ ︽ᠬᠤᠭᠤᠯᠠ ᠨᠡᠬᠡᠬᠦ ᠮᠡᠳᠡᠷᠡᠮᠵᠢ︾᠎ ᠶᠢ ᠢᠯᠡᠭᠦᠦ ᠬᠦᠴᠦᠲᠡᠢ ᠪᠠᠷ ᠢᠯᠡᠭᠡᠬᠦ ᠪᠣᠯᠤᠨ᠎ᠠ᠃ ᠲᠡᠶᠢᠮᠦ ᠠᠴᠠ ᠯᠠ ᠥᠷᠯᠥᠭᠡ ᠨᠢ ᠶᠠᠭᠤᠮ᠎ᠠ ᠢᠳᠡᠭᠡ ᠦᠭᠡᠢ ᠬᠦᠮᠦᠰ ᠡᠳᠦᠷ ᠨᠢ ᠶᠡᠭᠡ ᠬᠡᠮᠵᠢᠶᠡᠨ ᠤ ᠪᠥᠭᠡᠳ ᠬᠤᠭᠤᠯᠠᠨ ᠤ ᠳᠤᠷᠠᠰᠢᠯ ᠥᠳᠥᠭᠡᠳᠡᠭ᠂ ᠥᠭᠡᠬᠦ ᠲᠣᠰᠣ ᠲᠠᠢ ᠪᠤᠷᠤᠭᠤ ᠬᠤᠭᠤᠯᠠ ᠳᠤ ᠲᠡᠮᠡᠦᠯᠬᠦ ᠨᠢ ᠡᠯᠪᠡᠭ᠃ ᠬᠠᠷᠢᠨ ᠥᠷᠯᠥᠭᠡᠨ ᠤ ᠴᠠᠢ ᠤᠤᠭᠤᠴᠢᠬᠠᠪᠠᠯ ᠡᠳᠦᠷ ᠨᠢ ᠲᠡᠶᠢᠮᠦ ᠴᠤ ᠶᠡᠭᠡ ᠥᠯᠦᠰᠦᠭᠡ ᠦᠭᠡᠢ ᠪᠠᠶᠢᠬᠤ ᠳᠠᠭᠠᠨ ︽ᠡᠷᠡᠭᠦᠯ ᠤᠬᠠᠭᠠᠨ︾ ᠠᠰᠢᠭᠯᠠᠨ ᠵᠥᠪ ᠬᠤᠭᠤᠯᠠ ᠶᠢ᠂ ᠵᠥᠪ ᠫᠤᠷᠼ ᠢᠶᠠᠷ ᠰᠣᠩᠭᠤᠨ ᠢᠳᠡᠵᠦ ᠴᠢᠳᠠᠨ᠎ᠠ᠃        4. ᠵᠢᠷᠦᠬᠡᠨ ᠤ ᠡᠷᠡᠭᠦᠯ ᠮᠡᠨᠳᠦ ᠳᠤ ᠴᠢᠬᠤᠯᠠ ᠨᠥᠯᠥᠭᠡ ᠲᠠᠢ᠃ ᠬᠠᠷᠪᠤᠷᠳ᠋ ᠤᠨ ᠶᠡᠭᠡ ᠰᠤᠷᠭᠠᠭᠤᠯᠢ ᠶᠢᠨ ᠣᠯᠠᠨ ᠨᠡᠶᠢᠲᠡ ᠶᠢᠨ ᠡᠷᠡᠭᠦᠯ ᠮᠡᠨᠳᠦ ᠶᠢᠨ ᠲᠥᠪ ᠠᠴᠠ ᠭᠠᠷᠭᠠᠭᠰᠠᠨ ᠰᠤᠳᠤᠯᠭ᠎ᠠ ᠪᠠᠷ ᠥᠷᠯᠥᠭᠡᠨ ᠤ ᠴᠠᠢ ᠶᠢ ᠠᠯᠭᠠᠰᠠᠬᠤ ᠵᠤᠷᠰᠢᠯ ᠨᠢ ᠵᠢᠷᠦᠬᠡᠨ ᠤ ᠡᠯᠳᠡᠪ ᠡᠮᠭᠡᠭ ᠢᠶᠠᠷ ᠡᠪᠡᠳᠬᠦ ᠡᠷᠦᠰᠳᠡᠯ ᠢ 27%᠎ ᠢᠶᠠᠷ ᠶᠡᠬᠡᠰᠬᠡᠳᠡᠭ ᠢ ᠲᠣᠭᠲᠠᠭᠠᠵᠠᠢ᠃ ᠡᠷᠳᠡᠮᠲᠡᠳ 16 ᠵᠢᠯ ᠤᠨ ᠲᠤᠷᠰᠢ 26 ᠮᠢᠩᠭᠠᠨ ᠬᠦᠮᠦᠨ ᠤ ᠳᠤᠮᠳᠠ ᠰᠤᠳᠤᠯᠭ᠎ᠠ ᠶᠠᠪᠤᠭᠤᠯᠤᠭᠰᠠᠨ ᠪᠥᠭᠡᠳ ᠥᠷᠯᠥᠭᠡᠨ ᠤ ᠴᠠᠢ ᠤᠤᠭᠤᠳᠠᠭ᠂ ᠤᠤᠭᠤᠳᠠᠭ ᠦᠭᠡᠢ ᠬᠦᠮᠦᠰ ᠤᠨ ᠰᠤᠳᠤᠯᠭᠠᠨ ᠤ ᠦᠷ᠎ᠡ ᠳ᠋ᠦᠩ ᠮᠠᠰᠢ ᠵᠥᠷᠢᠶ᠎ᠠ ᠲᠠᠢ ᠭᠠᠷᠤᠭᠰᠠᠨ ᠪᠠᠶᠢᠨ᠎ᠠ᠃        5. ᠰᠢᠬᠢᠷ ᠰᠢᠵᠢᠩ ᠲᠠᠢ ᠪᠣᠯᠬᠤ ᠡᠷᠦᠰᠳᠡᠯ ᠢ ᠪᠠᠭᠤᠷᠠᠭᠤᠯᠳᠠᠭ᠃ ᠥᠷᠯᠥᠭᠡᠨ ᠤ ᠴᠠᠢ ᠤᠤᠭᠤᠳᠠᠭ ᠦᠭᠡᠢ ᠠᠴᠠ ᠪᠠᠨ ᠪᠣᠯᠵᠤ ᠰᠢᠬᠢᠷ ᠰᠢᠵᠢᠩ ᠲᠠᠢ ᠪᠣᠯᠤᠭᠰᠠᠨ ᠲᠣᠬᠢᠶᠠᠯᠳᠤᠯ ᠮᠠᠰᠢ ᠣᠯᠠᠨ ᠪᠤᠢ᠃ ᠳᠡᠯᠡᠬᠡᠢ ᠶᠢᠨ ᠡᠷᠡᠭᠦᠯ ᠮᠡᠨᠳᠦ ᠶᠢᠨ ᠪᠠᠶᠢᠭᠤᠯᠤᠯᠭ᠎ᠠ ᠠᠴᠠ ᠴᠤ ᠥᠷᠯᠥᠭᠡᠨ ᠤ ᠴᠠᠢ ᠤᠤᠭᠤᠬᠤ ᠨᠢ ᠡᠳᠦᠷ ᠤᠨ ᠲᠤᠷᠰᠢ ᠥᠪᠡᠷ ᠤᠨ ᠬᠤᠭᠤᠯᠠᠨ ᠤ ᠳᠤᠷᠠᠰᠢᠯ ᠢ ᠬᠢᠨᠠᠵᠤ᠂ ᠴᠢᠭᠯᠡᠭᠦᠯᠬᠦ ᠳᠤ ᠴᠢᠬᠤᠯᠠ ᠡᠭᠦᠷᠭᠡ ᠲᠠᠢ ᠪᠠᠶᠢᠳᠠᠭ ᠲᠠᠯ᠎ᠠ ᠪᠠᠷ ᠮᠡᠳᠡᠭᠡᠯᠡᠯ ᠭᠠᠷᠭᠠᠵᠤ ᠪᠠᠶᠢᠭᠰᠠᠨ᠃ ᠶᠠᠪᠤᠭᠠᠨ ᠳᠠᠭᠠᠨ ᠴᠢᠨᠤ ᠮᠠᠭᠤ ᠵᠤᠷᠰᠢᠯ ᠴᠢᠮᠠᠶᠢ 2 ᠳ᠋ᠦ᠋ᠭᠠᠷ ᠵᠡᠷᠭᠡ ᠶᠢᠨ ᠰᠢᠬᠢᠷ ᠰᠢᠵᠢᠩ ᠪᠣᠯᠤᠨ ᠴᠢᠰᠤᠨ ᠤ ᠳᠠᠷᠤᠯᠲᠠ ᠲᠠᠢ ᠪᠣᠯᠬᠤ ᠳᠤ ᠴᠤ ᠨᠥᠯᠦᠭᠡᠯᠡᠵᠦ ᠪᠣᠯᠬᠤ ᠶᠤᠮ ᠰᠢᠦ᠃ ᠲᠡᠶᠢᠮᠦ ᠠᠴᠠ ᠡᠷᠡᠭᠦᠯ ᠮᠡᠨᠳᠦ ᠳᠡᠭᠡᠨ ᠠᠩᠬᠠᠷᠳᠠᠭ ᠪᠦᠬᠦᠨ ᠥᠷᠯᠥᠭᠡᠨ ᠤ ᠴᠠᠢ ᠶᠢ ᠪᠠᠨ ᠠᠯᠭᠠᠰᠠᠯ ᠦᠭᠡᠢ ᠲᠣᠭᠲᠠᠮᠠᠯ ᠤᠤᠭᠤᠵᠤ ᠪᠠᠶᠢᠭᠠᠷᠠᠢ                                        ᠢᠷᠡᠯᠲᠡ᠄ ᠤᠯᠠᠭᠠᠨᠬᠠᠳᠠ ᠶᠢᠨ ᠡᠳᠦᠷ ᠤᠨ ᠰᠣᠨᠢᠨ                                          ᠪᠡᠯᠡᠳᠬᠡᠭᠰᠡᠨ  ᠨᠢ᠄ ᠲᠤᠶᠠᠭ᠎ᠠ
 
ᠢᠷᠡᠯᠲᠡ᠄ ᠤᠯᠠᠭᠠᠨᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2