ᠰᠢ ᠶᠢᠨ ᠫᠢᠩ ᠪᠦᠳᠠᠫᠧᠰᠲ ᠲᠤ ᠬᠦᠷᠴᠦ ᠬᠠᠩᠭᠠᠷᠢ ᠳᠠᠬᠢ ᠲᠦᠷᠦ ᠶᠢᠨ ᠶᠠᠪᠤᠳᠠᠯ ᠤᠨ ᠠᠶᠢᠯᠴᠢᠯᠠᠯᠲᠠ ᠪᠠᠨ ᠡᠬᠢᠯᠡᠭᠦᠯᠪᠡ
ᠨᠡᠶᠢᠲᠡᠯᠡᠭᠰᠡᠨ ᠴᠠᠭ᠄
2024/5/13
     ᠰᠢᠨᠬᠤᠸᠠ ᠬᠤᠷᠢᠶ᠎ᠠ ᠶᠢᠨ ᠪᠦᠳᠠᠫᠧᠰᠲ ᠤᠨ 5 ᠰᠠᠷ᠎ᠠ ᠶᠢᠨ 9᠎ ᠤ ᠴᠠᠭᠢᠯᠭᠠᠨ ᠮᠡᠳᠡᠭᠡ ᠲᠤᠬᠠᠢ ᠶᠢᠨ ᠭᠠᠵᠠᠷ ᠤᠨ ᠴᠠᠭ ᠢᠶᠠᠷ 5 ᠰᠠᠷ᠎ᠠ ᠶᠢᠨ 8᠎ ᠤ ᠣᠷᠣᠢ᠂ ᠤᠯᠤᠰ ᠤᠨ ᠲᠡᠷᠢᠭᠦᠯᠡᠭᠴᠢ ᠰᠢ ᠶᠢᠨ ᠫᠢᠩ ᠬᠠᠩᠭᠠᠷᠢ ᠶᠢᠨ ᠶᠡᠷᠦᠩᠬᠡᠶᠢᠯᠡᠭᠴᠢ ᠱᠦᠶᠦ᠋ᠺ ᠪᠣᠯᠣᠨ ᠶᠡᠷᠦᠩᠬᠡᠢ ᠰᠠᠶᠢᠳ ᠡᠸᠦ᠋ᠷᠪᠠᠨ ᠤ ᠤᠷᠢᠯᠭ᠎ᠠ ᠪᠠᠷ ᠬᠠᠩᠭᠠᠷᠢ ᠳᠤ ᠲᠦᠷᠦ ᠶᠢᠨ ᠶᠠᠪᠤᠳᠠᠯ ᠤᠨ ᠠᠶᠢᠯᠴᠢᠯᠠᠯᠲᠠ ᠬᠢᠬᠦ ᠪᠠᠷ ᠲᠤᠰᠬᠠᠢ ᠨᠢᠰᠬᠡᠯ ᠢᠶᠠᠷ ᠪᠦᠳᠠᠫᠧᠰᠲ ᠲᠤ ᠭᠦᠷᠪᠡ᠃    ᠰᠢ ᠶᠢᠨ ᠫᠢᠩ ᠤᠨ ᠰᠠᠭᠤᠭᠰᠠᠨ ᠲᠤᠰᠬᠠᠢ ᠨᠢᠰᠬᠡᠯ ᠬᠠᠩᠭᠠᠷᠢ ᠶᠢᠨ ᠬᠠᠷᠢᠶ᠎ᠠ ᠠᠭᠠᠷ ᠲᠤ ᠣᠷᠣᠭᠰᠠᠨ ᠤ ᠳᠠᠷᠠᠭ᠎ᠠ᠂ ᠬᠠᠩᠭᠠᠷᠢ ᠶᠢᠨ ᠠᠭᠠᠷ ᠤᠨ ᠴᠡᠷᠢᠭ ᠤᠨ ᠬᠤᠶᠠᠷ ᠪᠠᠶᠢᠯᠳᠤᠭᠠᠨ ᠤ ᠨᠢᠰᠬᠡᠯ ᠠᠶᠠᠯᠠᠯ ᠬᠠᠮᠠᠭᠠᠯᠠᠪᠠ᠃    ᠰᠢ ᠶᠢᠨ ᠫᠢᠩ ᠤᠨ ᠰᠠᠭᠤᠭᠰᠠᠨ ᠲᠤᠰᠬᠠᠢ ᠨᠢᠰᠬᠡᠯ ᠪᠦᠳᠠᠫᠧᠰᠲ ᠤᠨ ᠤᠯᠠᠨ ᠤᠯᠤᠰ ᠤᠨ ᠨᠢᠰᠬᠡᠯ ᠤᠨ ᠪᠠᠭᠤᠳᠠᠯ ᠳᠤ ᠬᠦᠷᠬᠦ ᠳᠤ᠂ ᠬᠠᠩᠭᠠᠷᠢ ᠶᠢᠨ ᠶᠡᠷᠦᠩᠬᠡᠢ ᠰᠠᠶᠢᠳ ᠡᠸᠦ᠋ᠷᠪᠠᠨ ᠬᠠᠳᠤᠨ ᠲᠠᠢ ᠪᠠᠨ᠂ ᠭᠠᠳᠠᠭᠠᠳᠤ ᠶᠠᠪᠤᠳᠠᠯ ᠤᠨ ᠶᠠᠮᠤᠨ ᠤ ᠰᠠᠶᠢᠳ ᠰᠢᠶᠠᠯᠳᠤ᠋ ᠵᠡᠷᠭᠡ ᠵᠠᠰᠠᠭ ᠤᠨ ᠣᠷᠳᠣᠨ ᠤ ᠳᠡᠭᠡᠳᠦ ᠵᠡᠷᠭᠡ ᠶᠢᠨ ᠠᠯᠪᠠᠨ ᠲᠤᠰᠢᠶᠠᠯᠲᠠᠨ ᠬᠠᠯᠠᠭᠤᠨ ᠢᠶᠠᠷ ᠤᠭᠲᠤᠪᠠ᠃ ᠬᠤᠶᠠᠷ ᠤᠯᠤᠰ ᠤᠨ ᠤᠳᠤᠷᠢᠳᠬᠤ ᠬᠥᠮᠥᠨ ᠬᠠᠳᠤᠨ ᠢᠶᠠᠨ ᠳᠠᠭᠠᠭᠤᠯᠤᠨ ᠬᠠᠷᠢᠯᠴᠠᠨ ᠳᠣᠲᠣᠨᠣ ᠪᠠᠷ ᠭᠠᠷ ᠠᠳᠬᠤᠨ ᠮᠡᠨᠳᠦᠴᠢᠯᠡᠵᠦ᠂ ᠶᠡᠷᠦᠩᠬᠡᠢ ᠰᠠᠶᠢᠳ ᠡᠸᠦ᠋ᠷᠪᠠᠨ ᠫᠧᠩ ᠯᠢ ᠶᠤᠸᠠᠨ ᠫᠷᠤᠹᠧᠰᠰᠤᠷ ᠲᠤ ᠰᠣᠷᠭᠤᠭ ᠴᠡᠴᠡᠭ ᠬᠦᠷᠭᠡᠪᠡ᠃ ᠶᠣᠰᠣᠯᠠᠯ ᠤᠨ ᠴᠡᠷᠢᠭ ᠤᠯᠠᠭᠠᠨ ᠬᠡᠪᠢᠰ ᠤᠨ ᠬᠤᠶᠠᠷ ᠬᠠᠵᠠᠭᠤ ᠪᠠᠷ ᠮᠥᠷᠯᠡᠨ ᠶᠣᠰᠣᠯᠠᠪᠠ᠃ ᠦᠨᠳᠦᠰᠦᠲᠡᠨ ᠤ ᠬᠤᠪᠴᠠᠰᠤ ᠵᠠᠰᠠᠯ ᠢᠶᠠᠷ ᠢᠶᠠᠨ ᠭᠤᠶᠣᠯᠠᠭᠰᠠᠨ ᠬᠠᠩᠭᠠᠷᠢ ᠶᠢᠨ ᠬᠤᠶᠠᠷ ᠬᠡᠦᠬᠡᠳ ᠲᠡᠷᠢᠭᠦᠯᠡᠭᠴᠢ ᠰᠢ ᠶᠢᠨ ᠫᠢᠩ ᠪᠣᠯᠣᠨ ᠫᠧᠩ ᠯᠢ ᠶᠤᠸᠠᠨ ᠳᠤ ᠲᠠᠯᠬ᠎ᠠ ᠪᠣᠯᠣᠨ ᠳᠠᠪᠤᠰᠤ ᠬᠦᠷᠭᠡᠵᠦ᠂ ᠤᠯᠠᠮᠵᠢᠯᠠᠯᠲᠤ ᠶᠣᠰᠣᠯᠠᠯ ᠢᠶᠠᠷ ᠬᠠᠮᠤᠭ ᠤᠨ ᠡᠷᠬᠢᠮ ᠬᠦᠨᠳᠦᠲᠦ ᠵᠣᠴᠢᠨ ᠢᠶᠠᠨ ᠤᠭᠲᠤᠪᠠ᠃ ᠬᠠᠩᠭᠠᠷᠢ ᠬᠢᠲᠠᠳ ᠬᠤᠣᠰ ᠬᠡᠯᠡᠨ ᠤ ᠰᠤᠷᠭᠠᠭᠤᠯᠢ ᠶᠢᠨ ᠰᠤᠷᠤᠬᠴᠢᠳ ᠰᠢ ᠶᠢᠨ ᠫᠢᠩ ᠪᠣᠯᠣᠨ ᠲᠡᠭᠦᠨ ᠤ ᠬᠠᠳᠤᠨ ᠳᠤ ᠴᠡᠴᠡᠭ ᠬᠦᠷᠭᠡᠭᠰᠡᠨ ᠪᠥᠭᠡᠳ ᠬᠢᠲᠠᠳ ᠭᠡᠯᠡ ᠪᠠᠷ᠄ ︽ᠲᠠᠨ ᠤ ᠬᠠᠩᠭᠠᠷᠢ ᠳᠤ ᠢᠷᠡᠭᠰᠡᠨ ᠢ ᠪᠠᠶᠠᠷᠯᠠᠨ ᠤᠭᠲᠤᠵᠤ ᠪᠠᠶᠢᠨ᠎ᠠ︾ ᠭᠡᠵᠦ ᠬᠡᠯᠡᠪᠡ᠃ ᠪᠠᠭᠠᠴᠤᠳ ᠬᠡᠦᠬᠡᠳ ᠦᠨᠳᠦᠰᠦᠲᠡᠨ ᠤ ᠤᠯᠠᠮᠵᠢᠯᠠᠯᠲᠤ ᠪᠠᠶᠠᠷ ᠪᠠᠶᠠᠰᠬᠤᠯᠠᠩᠲᠤ ᠪᠥᠵᠢᠭ ᠴᠠᠷᠳᠠᠰᠢ ᠪᠥᠵᠢᠭ ᠢ ᠪᠥᠵᠢᠭᠯᠡᠵᠦ᠂ ᠰᠢ ᠶᠢᠨ ᠫᠢᠩ ᠢ ᠬᠠᠯᠠᠭᠤᠨ ᠢᠶᠠᠷ ᠤᠭᠲᠤᠵᠤ ᠪᠠᠶᠢᠬᠤ ᠪᠠᠨ ᠢᠯᠡᠳᠬᠡᠪᠡ᠃ᠰᠢ ᠶᠢᠨ ᠫᠢᠩ ᠪᠢᠴᠢᠭ ᠤᠨ ᠭᠡᠯᠪᠡᠷᠢ ᠪᠠᠷ ᠶᠠᠷᠢᠶ᠎ᠠ ᠲᠠᠯᠪᠢᠪᠠ᠃ ᠰᠢ ᠶᠢᠨ ᠫᠢᠩ᠂ ᠶᠡᠷᠦᠩᠬᠡᠶᠢᠯᠡᠭᠴᠢ ᠱᠦᠶᠦ᠋ᠺ ᠪᠣᠯᠣᠨ ᠶᠡᠷᠦᠩᠬᠡᠢ ᠰᠠᠶᠢᠳ ᠡᠸᠦ᠋ᠷᠪᠠᠨ ᠤ ᠬᠠᠯᠠᠭᠤᠨ ᠤᠷᠢᠯᠭ᠎ᠠ ᠪᠠᠷ ᠦᠵᠡᠰᠬᠦᠯᠡᠩᠲᠦ ᠰᠠᠶᠢᠬᠠᠨ ᠬᠠᠩᠭᠠᠷᠢ ᠳᠤ ᠲᠦᠷᠦ ᠶᠢᠨ ᠶᠠᠪᠤᠳᠠᠯ ᠤᠨ ᠠᠶᠢᠯᠴᠢᠯᠠᠯᠲᠠ ᠬᠢᠭᠰᠡᠨ ᠳᠡᠭᠡᠨ ᠮᠠᠰᠢ ᠪᠠᠶᠠᠷ ᠲᠠᠢ ᠪᠠᠶᠢᠨ᠎ᠠ᠃ ᠳᠤᠮᠳᠠᠳᠤ ᠬᠠᠩᠭᠠᠷᠢ ᠬᠤᠶᠠᠷ ᠤᠯᠤᠰ ᠪᠣᠯ ᠬᠠᠷᠢᠯᠴᠠᠨ ᠢᠲᠡᠭᠡᠭᠰᠡᠨ ᠰᠠᠶᠢᠨ ᠨᠠᠶᠢᠵᠠ᠂ ᠰᠠᠶᠢᠨ ᠬᠠᠨᠢᠲᠠᠨ ᠶᠤᠮ᠃ ᠣᠶᠢᠷ᠎ᠠ ᠶᠢᠨ ᠵᠢᠯ ᠳᠤ᠂ ᠬᠤᠶᠠᠷ ᠲᠠᠯ᠎ᠠ ᠶᠢᠨ ᠳᠡᠭᠡᠳᠦ ᠳᠠᠪᠬᠤᠷᠭ᠎ᠠ ᠶᠢᠨ ᠶᠠᠪᠤᠯᠴᠠᠭ᠎ᠠ ᠨᠢᠭᠲᠠᠷᠠᠵᠤ᠂ ᠬᠠᠷᠢᠯᠴᠠᠨ ᠢᠲᠡᠭᠡᠬᠦ ᠲᠦᠪᠰᠢᠨ ᠲᠠᠰᠤᠷᠠᠯᠳᠠ ᠦᠭᠡᠢ ᠳᠡᠭᠡᠭᠰᠢᠯᠡᠵᠦ᠂ ︽ᠨᠢᠭᠡ ᠪᠦᠰᠡ ᠨᠢᠭᠡ ᠵᠠᠮ︾᠎ ᠢ ᠬᠠᠮᠲᠤ ᠪᠠᠷ ᠪᠦᠲᠦᠭᠡᠨ ᠪᠠᠶᠢᠭᠤᠯᠬᠤ ᠬᠠᠮᠲᠤᠷᠠᠯᠴᠠᠭᠠᠨ ᠤ ᠦᠷ᠎ᠡ ᠪᠦᠲᠦᠭᠡᠯ ᠡᠯᠪᠡᠭ ᠪᠠᠶᠠᠯᠢᠭ᠂ ᠰᠣᠶᠣᠯ ᠢᠷᠭᠡᠨᠰᠢᠯ ᠤᠨ ᠰᠣᠯᠢᠯᠴᠠᠭ᠎ᠠ ᠪᠠᠶᠠᠯᠢᠭ ᠰᠠᠶᠢᠬᠠᠨ ᠪᠣᠯᠵᠤ᠂ ᠳᠡᠯᠡᠬᠡᠢ ᠶᠢᠨ ᠪᠠ ᠭᠠᠵᠠᠷ ᠣᠷᠣᠨ ᠤ ᠬᠡᠷᠡᠭ ᠶᠠᠪᠤᠳᠠᠯ ᠳᠤᠮᠳᠠ ᠨᠢᠭᠲᠠ ᠵᠣᠬᠢᠴᠠᠯᠳᠤᠨ ᠬᠠᠮᠵᠢᠯᠴᠠᠵᠤ᠂ ᠬᠠᠷᠢᠯᠴᠠᠨ ᠬᠦᠨᠳᠦᠳᠬᠡᠬᠦ᠂ ᠲᠥᠪ ᠭᠤᠣᠯᠴᠢ ᠰᠢᠳᠤᠷᠭᠤ ᠶᠣᠰᠣ ᠶᠢ ᠡᠷᠭᠢᠮᠯᠡᠭᠦ᠂ ᠬᠠᠮᠲᠤᠷᠠᠯᠴᠠᠵᠤ ᠬᠠᠮᠲᠤ ᠪᠠᠷ ᠠᠰᠢᠭ ᠭᠦᠷᠳᠡᠭᠦ ᠰᠢᠨ᠎ᠡ ᠭᠡᠯᠪᠡᠷᠢ ᠶᠢᠨ ᠤᠯᠠᠨ ᠤᠯᠤᠰ ᠤᠨ ᠬᠠᠷᠢᠯᠴᠠᠭ᠎ᠠ ᠳᠤ ᠦᠯᠢᠭᠡᠷ ᠳᠠᠭᠤᠷᠢᠶᠠᠯ ᠦᠵᠡᠭᠦᠯᠪᠡ᠃ ᠡᠨᠡ ᠵᠢᠯ ᠪᠣᠯ ᠳᠤᠮᠳᠠᠳᠤ ᠬᠠᠩᠭᠠᠷᠢ ᠶᠢᠨ ᠬᠠᠷᠢᠯᠴᠠᠭ᠎ᠠ ᠪᠠᠶᠢᠭᠤᠯᠤᠭᠰᠠᠨ 75 ᠵᠢᠯ ᠤᠨ ᠤᠢ ᠮᠥᠨ᠂ ᠬᠤᠶᠠᠷ ᠤᠯᠤᠰ ᠤᠨ ᠬᠠᠷᠢᠯᠴᠠᠭᠠᠨ ᠤ ᠬᠥᠭᠵᠢᠯᠲᠡ ᠴᠢᠬᠤᠯᠠ ᠠᠵᠠ ᠲᠣᠭᠢᠶᠠᠯ ᠢ ᠤᠭᠲᠤᠨ ᠠᠪᠴᠢᠷᠠᠪᠠ᠃ ᠪᠢ ᠶᠡᠷᠦᠩᠬᠡᠶᠢᠯᠡᠭᠴᠢ ᠱᠦᠶᠦ᠋ᠺ᠂ ᠶᠡᠷᠦᠩᠬᠡᠢ ᠰᠠᠶᠢᠳ ᠡᠸᠦ᠋ᠷᠪᠠᠨ ᠵᠡᠷᠭᠡ ᠬᠠᠩᠭᠠᠷᠢ ᠶᠢᠨ ᠤᠳᠤᠷᠢᠳᠬᠤ ᠬᠥᠮᠥᠰ ᠲᠠᠢ ᠠᠭᠤᠯᠵᠠᠯᠲᠠ ᠬᠢᠵᠦ᠂ ᠬᠤᠶᠠᠷ ᠤᠯᠤᠰ ᠤᠨ ᠬᠠᠮᠲᠤᠷᠠᠯᠴᠠᠭ᠎ᠠ ᠬᠥᠭᠵᠢᠯᠲᠡ ᠶᠢᠨ ᠰᠢᠨ᠎ᠡ ᠵᠢᠷᠤᠭ ᠲᠥᠰᠥᠪ ᠢ ᠬᠠᠮᠲᠤ ᠪᠠᠷ ᠲᠥᠯᠥᠪᠵᠢᠭᠦᠯᠵᠦ᠂ ᠳᠤᠮᠳᠠᠳᠤ ᠬᠠᠩᠭᠠᠷᠢ ᠶᠢᠨ ᠬᠠᠷᠢᠯᠴᠠᠭ᠎ᠠ ᠶᠢ ᠨᠡᠩ ᠥᠨᠳᠥᠷ ᠲᠦᠪᠰᠢᠨ ᠲᠡᠶᠢᠰᠢ ᠬᠥᠲᠥᠯᠥᠨ ᠳᠠᠭᠠᠭᠤᠯᠬᠤ ᠶᠢ ᠬᠦᠰᠡᠵᠦ ᠪᠠᠶᠢᠨ᠎ᠠ᠃ ᠳᠡᠯᠡᠬᠡᠢ ᠶᠢᠨ ᠪᠠᠶᠢᠳᠠᠯ ᠶᠠᠭᠠᠬᠢᠵᠤ ᠬᠤᠪᠢᠷᠠᠭᠰᠠᠨ ᠴᠤ᠂ ᠳᠤᠮᠳᠠᠳᠤ ᠬᠠᠩᠭᠠᠷᠢ ᠬᠤᠶᠠᠷ ᠤᠯᠤᠰ ᠯᠠᠪᠲᠠᠢ ᠥᠷᠭᠡᠨ ᠬᠠᠷᠠᠭᠠᠰᠤ᠂ ᠠᠯᠤᠰ ᠭᠡᠳᠦ ᠶᠢᠨ ᠬᠠᠷᠠᠴᠠ ᠪᠠᠷ ᠬᠤᠶᠠᠷ ᠲᠠᠯ᠎ᠠ ᠶᠢᠨ ᠬᠠᠷᠢᠯᠴᠠᠭ᠎ᠠ ᠳᠤ ᠬᠠᠨᠳᠤᠵᠤ ᠲᠡᠭᠦᠨ ᠢ ᠡᠵᠡᠮᠳᠡᠨ᠂ ᠣᠮᠤᠭ ᠪᠠᠳᠠᠷᠠᠩᠭᠤᠢ ᠪᠠᠷ ᠡᠷᠡᠮᠡᠬᠡᠶᠢᠯᠡᠨ ᠤᠷᠤᠭᠰᠢᠯᠠᠵᠤ᠂ ᠬᠥᠮᠥᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠭᠠᠷ ᠬᠤᠯᠪᠣᠨ ᠪᠠᠶᠢᠭᠤᠯᠵᠤ᠂ ᠳᠡᠯᠡᠬᠡᠢ ᠶᠢᠨ ᠡᠩᠬᠡ ᠲᠠᠶᠢᠪᠤᠩ ᠲᠣᠭᠲᠠᠭᠤᠨ ᠪᠠᠶᠢᠳᠠᠯ ᠪᠣᠯᠣᠨ ᠬᠥᠭᠵᠢᠯ ᠴᠡᠴᠡᠭᠯᠡᠯ ᠢ ᠠᠬᠢᠭᠤᠯᠬᠤ ᠳᠤ ᠦᠵᠡᠭᠦᠯᠪᠡᠰᠦ ᠵᠣᠬᠢᠬᠤ ᠬᠤᠪᠢ ᠨᠡᠮᠡᠷᠢ ᠪᠠᠨ ᠦᠵᠡᠭᠦᠯᠭᠦ ᠶᠢ ᠪᠢ ᠢᠲᠡᠭᠡᠵᠦ ᠪᠠᠶᠢᠨ᠎ᠠ᠃ ᠬᠤᠶᠠᠷ ᠲᠠᠯ᠎ᠠ ᠶᠢᠨ ᠬᠠᠮᠲᠤ ᠶᠢᠨ ᠴᠢᠷᠮᠠᠶᠢᠯᠭ᠎ᠠ ᠪᠠᠷ᠂ ᠲᠤᠰ ᠤᠳᠠᠭ᠎ᠠ ᠶᠢᠨ ᠠᠶᠢᠯᠴᠢᠯᠠᠯᠲᠠ ᠯᠠᠪᠲᠠᠢ ᠲᠡᠭᠦᠰ ᠠᠮᠵᠢᠯᠲᠠ ᠣᠯᠵᠤ᠂ ᠳᠤᠮᠳᠠᠳᠤ ᠬᠠᠩᠭᠠᠷᠢ ᠶᠢᠨ ᠬᠠᠷᠢᠯᠴᠠᠭ᠎ᠠ ᠨᠡᠩ ᠰᠠᠶᠢᠨ ᠰᠠᠶᠢᠬᠠᠨ ᠢᠷᠡᠭᠡᠳᠦᠢ ᠪᠠᠨ ᠤᠭᠲᠤᠬᠤ ᠶᠢ ᠠᠬᠢᠭᠤᠯᠬᠤ ᠶᠢ ᠢᠲᠡᠭᠡᠵᠦ ᠪᠠᠶᠢᠨ᠎ᠠ ᠭᠡᠵᠦ ᠵᠢᠭᠠᠵᠤ ᠭᠠᠷᠭᠠᠪᠠ᠃    ᠲᠡᠷᠢᠭᠦᠯᠡᠭᠴᠢ ᠰᠢ ᠶᠢᠨ ᠫᠢᠩ ᠤᠨ ᠬᠠᠳᠤᠨ ᠫᠧᠩ ᠯᠢ ᠶᠤᠸᠠᠨ᠂ ᠨᠠᠮ ᠤᠨ ᠲᠥᠪ ᠬᠤᠷᠢᠶ᠎ᠠ ᠶᠢᠨ ᠤᠯᠤᠰ ᠲᠦᠷᠦ ᠶᠢᠨ ᠲᠣᠪᠴᠢᠶ᠎ᠠ ᠶᠢᠨ ᠪᠠᠶᠢᠩᠭᠤ ᠶᠢᠨ ᠭᠡᠰᠢᠭᠦᠨ᠂ ᠲᠥᠪ ᠤᠨ ᠠᠯᠪᠠᠨ ᠲᠢᠩᠬᠢᠮ ᠤᠨ ᠡᠷᠭᠢᠯᠡᠭᠴᠢ ᠼᠠᠢ ᠴᠢ᠂ ᠨᠠᠮ ᠤᠨ ᠲᠥᠪ ᠬᠤᠷᠢᠶ᠎ᠠ ᠶᠢᠨ ᠤᠯᠤᠰ ᠲᠦᠷᠦ ᠶᠢᠨ ᠲᠣᠪᠴᠢᠶ᠎ᠠ ᠶᠢᠨ ᠭᠡᠰᠢᠭᠦᠨ᠂ ᠭᠠᠳᠠᠭᠠᠳᠤ ᠶᠠᠪᠤᠳᠠᠯ ᠤᠨ ᠶᠠᠮᠤᠨ ᠤ ᠰᠠᠶᠢᠳ ᠸᠠᠩ ᠢ ᠵᠡᠷᠭᠡ ᠪᠠᠷ᠎ᠠ ᠪᠣᠯᠣᠭᠰᠠᠳ ᠨᠢᠰᠬᠡᠯ ᠢᠶᠠᠷ ᠬᠠᠮᠲᠤ ᠭᠦᠷᠪᠡ᠃ᠬᠠᠩᠭᠠᠷᠢ ᠳᠤ ᠰᠠᠭᠤᠭ᠎ᠠ ᠳᠤᠮᠳᠠᠳᠤ ᠤᠯᠤᠰ ᠤᠨ ᠡᠯᠴᠢᠨ ᠰᠠᠶᠢᠳ ᠭᠦᠩ ᠲᠤᠤ ᠪᠠᠰᠠ ᠨᠢᠰᠬᠡᠯ ᠤᠨ ᠪᠠᠭᠤᠳᠠᠯ ᠳᠤ ᠬᠦᠷᠴᠦ ᠤᠭᠲᠤᠵᠠᠢ᠃    ᠰᠢ ᠶᠢᠨ ᠫᠢᠩ ᠮᠠᠰᠢᠨ ᠲᠡᠷᠭᠡᠨ ᠳᠤ ᠰᠠᠭᠤᠵᠤ ᠨᠢᠰᠬᠡᠯ ᠤᠨ ᠪᠠᠭᠤᠳᠠᠯ ᠠᠴᠠ ᠵᠣᠴᠢᠳ ᠤᠨ ᠪᠠᠭᠤᠳᠠᠯ ᠳᠤ ᠬᠦᠷᠬᠦ ᠵᠠᠮ ᠵᠠᠭᠤᠷ᠎ᠠ᠂ ᠲᠤᠬᠠᠢ ᠶᠢᠨ ᠭᠠᠵᠠᠷ ᠤᠨ ᠬᠡᠳᠦᠨ ᠵᠠᠭᠤᠨ ᠳᠤᠮᠳᠠᠳᠤ ᠶᠢᠨ ᠬᠠᠷᠢᠶᠠᠲᠤ ᠪᠣᠯᠣᠨ ᠳᠤᠮᠳᠠᠳᠤ ᠤᠯᠤᠰ ᠤᠨ ᠰᠤᠷᠤᠬᠴᠢᠳ ᠵᠠᠮ ᠤᠨ ᠬᠤᠶᠠᠷ ᠲᠠᠯ᠎ᠠ ᠪᠠᠷ ᠴᠤᠭᠯᠠᠷᠠᠵᠤ᠂ ᠳᠤᠮᠳᠠᠳᠤ ᠬᠠᠩᠭᠠᠷᠢ ᠬᠤᠶᠠᠷ ᠤᠯᠤᠰ ᠤᠨ ᠤᠯᠤᠰ ᠤᠨ ᠲᠤᠭ ᠢ ᠬᠤᠷᠦ᠋ᠢᠯᠠᠵᠤ᠂ ︽ᠳᠤᠮᠳᠠᠳᠤ ᠬᠠᠩᠭᠠᠷᠢ ᠶᠢᠨ ᠨᠥᠬᠦᠷᠯᠡᠯ ᠥᠨᠢ ᠮᠥᠩᠬᠡ︾᠂ ︽ᠲᠡᠷᠢᠭᠦᠯᠡᠭᠴᠢ ᠰᠢ ᠶᠢᠨ ᠫᠢᠩ ᠤᠨ ᠬᠠᠩᠭᠠᠷᠢ ᠳᠤ ᠠᠶᠢᠯᠴᠢᠯᠠᠬᠰᠠᠨ ᠢ ᠪᠠᠶᠠᠷᠯᠠᠨ ᠤᠭᠲᠤᠶ᠎ᠠ︾ ᠵᠡᠷᠭᠡ ᠬᠥᠨᠳᠡᠯᠡᠨ ᠪᠢᠴᠢᠭᠡᠰᠦ ᠶᠢ ᠡᠷᠭᠦᠵᠦ᠂ ᠲᠡᠷᠢᠭᠦᠯᠡᠭᠴᠢ ᠰᠢ ᠶᠢᠨ ᠫᠢᠩ ᠤᠨ ᠠᠶᠢᠯᠴᠢᠯᠠᠷ᠎ᠠ ᠢᠷᠡᠭᠰᠡᠨ ᠢ ᠬᠠᠯᠠᠭᠤᠨ ᠢᠶᠠᠷ ᠤᠭᠲᠤᠪᠠ᠃ 
 
ᠢᠷᠡᠯᠲᠡ᠄ ᠦᠪᠦᠷ ᠮᠤᠡᠭᠭᠤᠯ ᠤᠨ ᠵᠠᠰᠠᠭ ᠤᠨ ᠤᠷᠳᠤᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2