ᠨᠢᠭᠡ ᠵᠦᠢᠯ ᠤᠨ ᠰᠢᠳᠦ ᠎ ᠶᠢ ᠤᠨᠠᠭᠠᠳᠠᠭ ᠡᠪᠡᠳᠴᠢᠨ
ᠨᠡᠶᠢᠲᠡᠯᠡᠭᠰᠡᠨ ᠴᠠᠭ᠄
2024/4/15
        ᠪᠤᠶᠢᠯᠠ ᠎ ᠶᠢᠨ ᠦᠷᠪᠢᠰᠦᠯ ᠪᠣᠯ ᠪᠢᠳᠡᠨ ᠤ ᠰᠢᠳᠦ ᠎ ᠶᠢ ᠠᠮᠠᠷᠬᠠᠨ  ᠤᠨᠠᠭᠠᠳᠠᠭ  ᠬᠡᠷᠡᠭ ᠤᠨ  ᠡᠵᠡᠨ  ᠶᠤᠮ︕  ᠡᠶᠢᠮᠦ‌ᠡᠪᠡᠳᠴᠢᠨ ᠢ ᠮᠠᠰᠢ ᠣᠯᠠᠨ ᠬᠥᠮᠦᠨ ᠵᠠᠯᠠᠭᠤ ᠪᠠᠶᠢᠬᠤ ᠎ ᠳᠠᠭᠠᠨ ᠲᠡᠮᠡᠢ ᠠᠩᠬᠠᠷᠤᠯ ᠎ ᠳᠠᠭᠠᠨ ᠠᠪᠳᠠᠭ ᠦᠭᠡᠢ᠂ ᠰᠢᠳᠦ ᠎ ᠨᠢ ᠤᠨᠠᠭᠠᠳ‌ᠢᠷᠡᠬᠦ ᠎ ᠲᠠᠢ ᠵᠡᠷᠭᠡ ᠰᠠᠶ᠋ᠢ ᠠᠩᠬᠠᠷᠤᠯ ᠎ ᠳᠠᠭᠠᠨ ᠠᠪᠳᠠᠭ ᠪᠠᠶᠢᠨ᠎ᠠ᠂ ᠬᠡᠳᠡᠯ᠎ᠡ ᠡᠨᠡ ᠦᠶ᠎ᠡ ᠪᠤᠯᠬᠤ  ᠎ ᠳᠤ  ᠨᠢᠭᠡᠨᠲᠡ  ᠤᠷᠤᠶᠢᠳᠠᠬᠰᠠᠨ‌‍ᠪᠠᠶᠢᠳᠠᠭ᠃ ᠪᠤᠶᠢᠯᠠ ᠎ ᠶᠢᠨ ᠦᠷᠪᠢᠰᠦᠯ ᠨᠢ ᠰᠠᠶ᠋ᠢ ᠦᠷᠪᠢᠰᠬᠦ ᠦᠶ᠎ᠡ ᠎ ᠳᠤ ᠮᠠᠰᠢ ᠤᠳᠠᠭᠠᠨ ᠪᠠᠶᠢᠳᠠᠭ ᠶᠤᠮ᠂  ᠰᠠᠶ᠋ᠢ  ᠦᠷᠪᠢᠰᠬᠦ‌ᠦᠶ᠎ᠡ ᠎ ᠶᠢᠨ ᠢᠯᠡᠷᠡᠯ ᠬᠡᠪᠡᠯ᠄ ᠪᠤᠶᠢᠯᠠ ᠵᠢᠭᠠᠬᠠᠨ ᠤᠯᠠᠶᠢᠬᠤ᠂ ᠰᠢᠳᠦ ᠪᠠᠨ ᠱᠤᠤᠠᠵᠠᠳᠠᠬᠤ ᠦᠶᠡᠰ ᠵᠢᠭᠠᠬᠠᠨ ᠴᠢᠰᠤ ᠭᠠᠷᠬᠤ ᠪᠤᠶᠤ‌ᠡᠰᠡᠬᠦᠯ᠎ᠡ ᠠᠯᠮᠤᠷᠠᠳ ᠢᠳᠡᠬᠦ ᠎ ᠳᠤ ᠬᠠᠵᠠᠬᠰᠠᠨ ᠬᠡᠰᠡᠭ ᠎ ᠲᠤᠨᠢ ᠴᠢᠰᠤᠨ  ᠣᠷᠣ  ᠦᠯᠡᠳᠡᠳᠡᠭ᠃  ᠰᠡᠭᠦᠯᠡᠷ ᠨᠢ  ︵ᠣᠯᠠᠨ  ᠵᠢᠯ᠂ᠬᠡᠳᠦᠨ ᠠᠷᠪᠠᠨ ᠵᠢᠯ ᠎ ᠤᠨ ᠲᠠᠷᠠᠭ᠎ᠠ︶᠂ ᠲᠠ ᠬᠡᠳᠦᠨ ᠰᠢᠳᠦ ᠬᠦᠳᠡᠯᠵᠦ᠂ ᠶᠠᠭᠤᠮ᠎ᠠ  ᠵᠠᠵᠢᠯᠬᠤ ᠳᠤ  ᠲᠡᠶᠢᠮᠦ  ᠬᠦᠴᠦᠳᠡᠢ  ᠪᠢᠰᠢ‌‍ᠪᠤᠯᠤᠬᠰᠠᠨ ᠪᠠ ᠵᠠᠷᠢᠮ ᠳᠠᠭᠠᠨ ᠱᠣᠷᠪᠣᠭ ᠡᠬᠡᠭᠦᠨ ᠢᠳᠡᠭᠡ ᠰᠢᠭᠦᠰᠦ ᠭᠠᠷᠳᠠᠭ ᠎ ᠢ ᠬᠡᠨᠡᠳᠳᠡ ᠤᠯᠵᠤ  ᠮᠡᠳᠡᠳᠡᠭ᠃  ᠡᠭᠦᠨ  ᠡᠴᠠ‌‍ᠰᠡᠭᠦᠯᠡᠷ ᠨᠢ ᠰᠢᠳᠦ ᠴᠢᠨᠢ ᠬᠦᠳᠡᠯᠳᠡᠭ ᠎ ᠢᠶᠠᠷ ᠪᠠᠷᠠᠬᠤ ᠥᠬᠡᠶ᠂ ᠵᠠᠷᠢᠮ ᠎ ᠳᠠᠭᠠᠨ ᠪᠠᠰᠠ ᠰᠢᠳᠦ ᠎ ᠨᠢ ᠡᠪᠡᠳᠦᠳᠡᠭ︕ ᠡᠨᠡ ᠦᠶ᠎ᠡ ᠳ᠋ᠤ᠋‌‍ᠰᠢᠳᠦ ᠎ ᠪᠠᠨ ᠡᠮᠨᠡᠯᠭᠡ ᠎ ᠳᠤ ᠬᠦᠷᠴᠦ ᠦᠵᠡᠬᠦᠯᠬᠦ ᠦᠭᠡᠢ᠂ ᠵᠥᠪᠬᠡᠨ ᠡᠮ ᠤᠤᠭᠤᠵᠤ ᠡᠪᠡᠳᠬᠦ ᠶᠢ ᠵᠣᠭᠰᠣᠭᠠᠬᠤ ᠎ ᠶᠢ ᠪᠤᠳᠤᠬᠤ ᠳ᠋ᠤ᠋‌‍ᠬᠦ᠋ᠷᠪᠡᠯ᠂ ᠦᠨᠡᠨ ᠳᠡᠭᠡᠨ ᠶᠠᠮᠠᠷ ᠴᠤ ᠲᠤᠰᠠ ᠦᠭᠡᠢ ᠶᠤᠮ᠃ ᠰᠢᠳᠦᠨ ᠤ ᠤᠭ ᠨᠢ ᠢᠯᠡᠷᠡᠨ ᠭᠠᠷᠪᠠᠯ᠂  ᠰᠢᠳᠦ  ᠬᠦᠳᠡᠯᠬᠦ  ᠨᠢ‌ᠤᠯᠠᠮ ᠠᠴᠠ ᠤᠯᠠᠮ ᠬᠦᠨᠳᠦ ᠪᠤᠯᠤᠨ᠎ᠠ᠃        ᠪᠤᠶᠢᠯᠠ ᠎ ᠶᠢᠨ ᠦᠷᠪᠢᠰᠦᠯ ᠢ ᠶᠠᠭᠠᠬᠢᠵᠤ ᠵᠠᠰᠠᠬᠤ ᠪᠣᠶ︖       1.ᠰᠢᠳᠦ ᠎ ᠪᠠᠨ ᠤᠬᠢᠶᠠᠬᠤ        2. ᠪᠣᠬᠢᠷᠲᠤᠭᠰᠠᠨ ᠬᠡᠰᠡᠭ ᠎ ᠢ ᠬᠤᠰᠤᠵᠤ ᠠᠷᠢᠯᠭᠠᠬᠤ        3. ᠪᠤᠶᠢᠯᠠ ᠎ ᠶᠢᠨ ᠮᠡᠰᠡ ᠵᠠᠰᠠᠯ ᠬᠢᠯᠭᠡᠬᠦ        4. ᠡᠮ ᠎ ᠢᠶᠠᠷ ᠵᠠᠰᠠᠬᠤ        5. ᠡᠯᠡᠭᠳᠡᠭᠰᠡᠨ ᠰᠢᠳᠦ ᠎ ᠶᠢ ᠲᠡᠭᠰᠢᠯᠡᠵᠦ ᠵᠠᠰᠠᠬᠤ᠂ ᠪᠠᠬᠢᠯᠡᠵᠦ ᠲᠤᠬᠳᠠᠪᠤᠷᠢᠵᠢᠭᠤᠯᠬᠤ ᠪᠠ ᠰᠢᠳᠦ ᠎ ᠶᠢ ᠦᠳᠡᠭᠡᠨ ᠠᠪᠬᠤ  ᠪᠤᠶᠢᠯᠠ ᠎ ᠶᠢᠨ ᠦᠷᠪᠢᠰᠦᠯ ᠎ ᠤᠨ ᠰᠢᠰᠲ᠋ᠧᠮ ᠤᠨ ᠡᠮᠴᠢᠯᠡᠭᠡ ᠬᠢᠭᠰᠡᠨ ᠤ ᠳᠠᠷᠠᠭ᠎ᠠ᠂  ᠥᠪᠡᠷ ᠤᠨ  ᠠᠮᠠᠨ  ᠬᠥᠨᠳᠡᠶ ᠵᠢᠨ‌ᠡᠷᠡᠭᠦᠯ ᠬᠠᠮᠠᠭᠠᠯᠠᠯ ᠰᠠᠶᠢᠳᠤᠷ ᠬᠢᠬᠦ ᠪᠠ ᠲᠣᠭᠲᠠᠭᠰᠠᠨ ᠬᠤᠭᠤᠴᠠᠭ᠎ᠠ ᠎ ᠳᠤ ᠳᠠᠬᠢᠨ  ᠪᠠᠶᠢᠴᠠᠭᠠᠯᠲᠠ  ᠬᠢᠬᠦ ᠨᠢ  ᠮᠦᠨ  ᠠᠳᠠᠯᠢᠬᠠᠨ‌‍ᠴᠢᠬᠤᠯᠠ ᠶᠤᠮ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2