ᠰᠣᠳᠣᠴᠣᠣᠯ ᠢ ᠬᠥᠮᠥᠵᠢᠭᠦᠯᠳᠡᠭ ᠨᠡᠭᠦᠳᠡᠯᠴᠢᠳ ᠤᠨ ᠤᠷ᠎ᠠ ᠤᠬᠠᠭᠠᠨ
ᠨᠡᠶᠢᠲᠡᠯᠡᠭᠰᠡᠨ ᠴᠠᠭ᠄
2024/1/5
  ᠡᠸᠦ᠋ᠷᠤᠫᠠᠴᠤᠳ ᠤᠨ ᠬᠡᠯᠡᠳᠡᠭ ᠶᠦᠷᠲ᠋ᠠ ᠪᠤᠶᠤ ᠢᠰᠡᠬᠡᠢ ᠭᠡᠷ᠂ ᠬᠤᠲᠠ ᠠᠶᠢᠯ᠂ ᠮᠣᠷᠢ ᠭᠤᠷᠪᠠ ᠨᠢ ᠮᠣᠩᠭᠤᠯ ᠤᠨ ᠮᠢᠩᠭ᠎ᠠ ᠮᠢᠩᠭᠠᠨ ᠬᠥᠪᠡᠭᠦᠳ ᠦᠬᠢᠳ ᠢ ᠡᠯᠳᠡᠵᠦ ᠰᠤᠷᠢᠵᠤ ᠬᠥᠭᠵᠢᠯᠲᠡ ᠶᠢᠨ ᠬᠢᠨᠢ ᠳᠡᠭᠡᠳᠦ ᠲᠥᠪᠰᠢᠨ ᠳᠤ ᠭᠠᠷᠭᠠᠵᠤ ᠲᠠᠯᠪᠢᠭᠰᠠᠨ ᠪᠠᠶᠢᠳᠠᠭ᠃     ᠨᠢᠭᠡ᠂ ᠢᠰᠡᠭᠡᠢ ᠭᠡᠷ ᠪᠣᠯ ᠨᠡᠭᠦᠳᠡᠯᠴᠢᠳ ᠤᠨ ᠬᠥᠭᠵᠢᠯᠲᠡ ᠶᠢᠨ ᠬᠠᠮᠤᠭ ᠤᠨ ᠦᠨᠳᠦᠰᠦᠨ ᠰᠠᠭᠤᠷᠢ ᠪᠣᠯᠣᠨ᠎ᠠ᠃     ᠶᠠᠭᠤᠨ ᠤ ᠡᠮᠦᠨ᠎ᠡ ᠢᠰᠡᠭᠡᠢ ᠭᠡᠷ ᠨᠢ ᠮᠣᠩᠭᠤᠯ ᠬᠥᠮᠥᠨ ᠤ ᠪᠡᠶ᠎ᠡ ᠰᠡᠳᠬᠢᠯ ᠤᠨ ᠡᠷᠡᠭᠦᠯ ᠮᠡᠨᠳᠦ ᠳᠤ ᠬᠠᠮᠤᠭ ᠤᠨ ᠲᠣᠬᠢᠯᠢᠬ ᠨᠥᠬᠦᠴᠡᠯ ᠢ ᠪᠦᠷᠢᠯᠳᠦᠭᠦᠯᠵᠡᠢ᠃ ᠢᠰᠡᠭᠡᠢ ᠭᠡᠷ ᠤᠨ ᠠᠭᠠᠷ ᠤᠨ ᠰᠤᠯᠢᠯᠴᠠᠭ᠎ᠠ ᠬᠢᠬᠦ ᠣᠨᠴᠠᠭᠠᠢ ᠪᠦᠳᠦᠴᠡ ᠨᠢ ᠭᠡᠷ ᠢ ᠢᠮᠠᠭᠲᠠ ᠰᠣᠳᠣᠨ ᠰᠠᠶᠢᠬᠠᠨ ᠠᠮᠢᠰᠬᠤᠯ ᠲᠠᠢ ᠪᠠᠶᠢᠯᠭᠠᠳᠠᠭ᠃ ᠬᠥᠮᠥᠰ ᠥᠩᠭᠡᠷᠡᠭᠰᠡᠨ ᠳᠤ ᠢᠳᠡᠭᠡᠨ ᠤᠮᠳᠠᠭᠠᠨ ᠢ ᠬᠥᠮᠥᠨ ᠤ ᠠᠮᠢ ᠨᠠᠰᠤ ᠶᠢ ᠬᠠᠳᠠᠭᠠᠯᠠᠬᠤ ᠴᠢᠬᠤᠯᠨ ᠡᠨᠧᠷᠭᠢ ᠭᠡᠵᠤ ᠦᠵᠡᠵᠦ ᠪᠠᠶᠢᠭᠰᠠᠨ ᠪᠣᠯ ᠣᠳᠣ ᠪᠣᠯᠬᠤ ᠳᠤ ᠠᠭᠠᠷ᠂ ᠣᠷᠴᠢᠨ ᠲᠣᠭᠤᠷᠢᠨ ᠨᠢ ᠴᠦ ᠬᠥᠮᠥᠨ ᠤ ᠡᠷᠡᠭᠦᠯ ᠮᠡᠨᠳᠦ ᠳᠤ ᠴᠢᠬᠤᠯᠨ ᠨᠥᠯᠦᠭᠡ ᠲᠠᠢ ᠪᠣᠯᠬᠤ ᠶᠢ ᠬᠦᠨᠳᠦᠳᠬᠡᠵᠦ ᠦᠵᠡᠬᠦ ᠪᠤᠯᠵᠠᠢ᠃ ᠬᠤᠲᠠ ᠰᠠᠭᠤᠷᠢᠨ ᠤ ᠨᠦᠰᠡᠷ ᠶᠡᠭᠡ ᠳᠡᠪᠵᠢᠶᠡᠨ ᠱᠤᠤᠭᠢᠶᠠᠨ᠂ ᠬᠤᠭ ᠨᠤᠪᠰᠢᠨ ᠤ ᠨᠢᠰᠤᠭᠤᠨ ᠦᠨᠦᠷ᠂ ᠬᠥᠮᠥᠰ ᠤᠨ ᠬᠦᠢᠲᠡᠨ ᠴᠡᠪᠳᠡᠭ ᠬᠠᠷᠢᠯᠴᠠᠭ᠎ᠠ ᠲᠠᠢ ᠬᠠᠷᠢᠴᠠᠭᠤᠯᠬᠤ ᠳᠤ ᠬᠡᠭᠡᠷ᠎ᠡ ᠲᠠᠯ᠎ᠠ ᠶᠢᠨ ᠠᠮᠤᠭᠤᠯᠠᠩ ᠲᠠᠶᠢᠪᠤᠩ ᠬᠥᠭ ᠠᠶᠠᠰ᠂ ᠡᠪᠡᠰᠦ ᠤᠷᠭᠤᠮᠠᠯ ᠤᠨ ᠰᠤᠳᠤᠨ ᠦᠨᠦᠷ᠂ ᠮᠠᠯ ᠠᠳᠤᠭᠤᠰᠤ᠂ ᠠᠷᠢᠶᠠᠲᠠᠨ ᠵᠢᠭᠦᠷᠲᠡᠨ ᠤ ᠢᠷᠠᠭᠤ ᠡᠭᠡᠰᠢᠭᠯᠡᠩ ᠤᠨ ᠳᠤᠮᠳᠠ ᠪᠠᠶᠢᠬᠤ ᠬᠥᠮᠥᠨ ᠤ ᠰᠡᠳᠬᠢᠯ ᠰᠠᠨᠠᠭᠠᠨ ᠳᠤ ᠬᠡᠴᠢᠨᠡᠨ ᠲᠠᠭᠠᠯᠠᠮᠵᠢᠲᠠᠢ ᠠᠵᠢ᠃ ᠢᠯᠠᠩᠭᠤᠶ᠎ᠠ ᠢᠰᠡᠭᠡᠢ ᠭᠡᠷ ᠨᠢ ᠨᠡᠭᠦᠵᠦ ᠪᠠᠭᠤᠬᠤ ᠳᠤ ᠳᠥᠬᠦᠮ ᠪᠠᠶᠢᠳᠠᠭ ᠪᠣᠯᠬᠤᠷ ᠨᠤᠲᠤᠭ ᠬᠠᠭᠤᠴᠢᠷᠠᠵᠤ᠂ ᠡᠯᠳᠡᠪ ᠸᠢᠷᠦ᠋ᠰ ᠪᠠᠺᠲ᠋ᠧᠷᠢ ᠡᠭᠦᠰᠴᠦ ᠦᠷᠡᠵᠢᠬᠦ ᠠᠴᠠ ᠡᠮᠦᠨ᠎ᠡ ᠰᠢᠨ᠎ᠡ ᠨᠤᠲᠤᠭ ᠰᠡᠯᠭᠦᠵᠦ ᠪᠠᠶᠢᠩᠭᠤ ᠶᠢᠨ ᠰᠢᠨ᠎ᠡ ᠰᠤᠷᠭᠤᠭ ᠤᠷᠴᠢᠨ ᠳᠤ ᠠᠮᠢᠳᠤᠷᠠᠳᠠᠭ ᠪᠣᠯᠬᠤᠷ ᠮᠣᠩᠭᠤᠯᠴᠣᠳ ᠤᠨ ᠤᠷᠮ᠎ᠠ ᠰᠡᠳᠬᠢᠯ ᠦᠷᠬᠦᠯᠵᠢ ᠪᠠᠳᠠᠷᠠᠭᠤᠨ᠂ ᠪᠡᠶ᠎ᠡ ᠮᠠᠬᠠᠪᠤᠳ ᠬᠠᠲᠠᠭᠤ ᠴᠢᠭᠢᠷᠠᠭ᠂ ᠰᠡᠳᠬᠢᠯ ᠰᠠᠨᠠᠭ᠎ᠠ ᠠᠭᠤᠵᠢᠭᠤ ᠲᠠᠯᠪᠢᠭᠤ ᠪᠠᠶᠢᠳᠠᠭ ᠶᠤᠮ᠃       ᠬᠤᠶᠠᠷ᠂ ᠬᠤᠲᠠ ᠠᠶᠢᠯ ᠪᠣᠯ ᠮᠣᠩᠭᠤᠯᠴᠣᠳ ᠤᠨ ᠨᠡᠶᠢᠭᠡᠮ ᠤᠨ ᠬᠠᠮᠤᠭ ᠤᠨ ᠦᠨᠳᠦᠰᠦᠨ ᠵᠣᠬᠢᠶᠠᠨ ᠪᠠᠶᠢᠭᠤᠯᠤᠯᠲᠠ ᠪᠤᠯᠤᠨ᠎ᠠ᠃        ᠮᠤᠩᠭᠤᠯᠴᠤᠳ ᠤᠨ ᠠᠮᠢᠳᠤᠷᠠᠯ ᠤᠨ ᠰᠠᠭᠤᠷᠢ ᠪᠣᠯᠣᠭᠰᠠᠨ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠪᠦᠬᠦ᠋ᠢᠯᠨ ᠦᠢᠯᠨ ᠠᠵᠢᠯᠯᠠᠭ᠎ᠠ ᠪᠣᠯᠣᠨ ᠨᠡᠶᠢᠭᠡᠮ ᠤᠨ ᠦᠢᠯᠨ ᠠᠵᠢᠯᠯᠠᠭ᠎ᠠ ᠨᠢ ᠴᠦᠮ ᠬᠤᠲᠠ ᠠᠶᠢᠯ ᠤᠨ ᠬᠦᠷᠢᠶ᠎ᠡ ᠬᠡᠪᠴᠢᠶᠡᠨ ᠳᠤ ᠶᠠᠪᠤᠭᠳᠠᠳᠠᠭ᠃ ᠬᠠᠮᠤᠭ ᠤᠨ ᠭᠤᠣᠯ ᠨᠢ ᠡᠶᠢᠮᠦᠷᠬᠦᠤ ᠠᠶᠠᠨᠳᠠᠭᠠᠨ ᠪᠦᠷᠢᠯᠳᠦᠭᠰᠡᠨ ᠬᠠᠮᠳᠤᠯᠢᠭ ᠴᠣᠭᠴᠠ ᠨᠢ ᠮᠣᠩᠭᠤᠯᠴᠣᠳ ᠤᠨ ᠲᠦᠮᠨ ᠪᠤᠮᠠᠨ ᠦᠶ᠎ᠡ ᠠᠴᠠ ᠬᠤᠷᠠᠮᠳᠤᠭᠤᠯᠵᠤ ᠢᠷᠡᠭᠰᠡᠨ ᠤᠶᠤᠨ ᠤ ᠠᠰᠤᠷᠤ ᠶᠡᠭᠡ ᠥᠪ ᠢ ᠤᠯᠠᠮᠵᠢᠯᠠᠵᠤ᠂ ᠠᠮᠢᠳᠤᠷᠠᠯ ᠳᠤ ᠪᠠᠨ ᠬᠡᠷᠡᠭᠵᠢᠭᠦᠯᠵᠦ᠂ ᠤᠯᠠᠮ ᠴᠠᠭᠠᠰᠢᠳᠠ ᠬᠥᠭᠵᠢᠭᠦᠯᠬᠦ ᠳᠤ ᠠᠰᠢᠭᠲᠠᠢ ᠪᠠᠶᠢᠳᠠᠭ᠃ ᠬᠡᠯᠡᠯᠭᠡᠨ ᠦᠭᠡᠢ ᠬᠡᠦᠬᠡᠳ ᠪᠠᠭᠠᠴᠣᠳ ᠢᠶᠠᠨ ᠬᠥᠮᠥᠵᠢᠭᠦᠯᠬᠦ ᠨᠢ ᠴᠦ ᠬᠤᠲᠠ ᠠᠶᠢᠯ ᠤᠨ ᠨᠢᠭᠡᠨ ᠭᠤᠣᠯ ᠡᠭᠦᠷᠭᠡ ᠪᠣᠯᠣᠨ᠎ᠠ᠃ ᠬᠤᠲᠠ ᠤᠰᠤᠨ ᠤ ᠠᠬᠠᠮᠠᠳ ᠲᠤᠮᠤᠭᠠᠲᠠᠳ ᠲᠡᠷᠨ ᠬᠤᠲᠠ ᠤᠰᠤᠨ ᠤ ᠪᠠᠨ ᠬᠡᠦᠬᠡᠳ ᠪᠠᠭᠠᠴᠣᠳ ᠢ ᠥᠪᠡᠷ ᠤᠨ ᠢᠶᠠᠨ ᠬᠡᠦᠬᠡᠳ ᠲᠠᠢ ᠡᠭᠡᠭᠡ ᠠᠳᠠᠯᠢᠬᠠᠨ ᠦᠵᠡᠵᠦ ᠬᠦᠮᠦᠵᠢᠭᠦᠯᠳᠡᠭ ᠳᠠᠳᠬᠠᠯ ᠲᠠᠢ᠃ ᠪᠦᠬᠦ ᠬᠤᠲᠠ ᠤᠰᠤᠨ ᠤ ᠬᠡᠦᠬᠡᠳ ᠤᠳ ᠬᠤᠲᠠᠨ ᠤ ᠪᠠᠨ ᠠᠯᠢ ᠨᠢᠭᠡ ᠠᠶᠢᠯ ᠳᠤ ᠤᠴᠢᠪᠠᠯ ᠲᠡᠷᠨ ᠠᠶᠢᠯ ᠤᠨ ᠬᠡᠦᠬᠡᠳ ᠲᠠᠢ ᠠᠳᠠᠯᠢᠬᠠᠨ ᠠᠵᠢᠯ ᠢ ᠨᠢ ᠬᠠᠮᠵᠢᠵᠤ᠂ ᠬᠤᠶᠢᠨ᠎ᠠ ᠡᠮᠦᠨ᠎ᠡ ᠨᠢ ᠵᠠᠷᠤᠭᠳᠠᠳᠠᠭ ᠪᠥᠭᠡᠳ ᠲᠡᠷᠨ ᠠᠶᠢᠯ ᠨᠢ ᠴᠦ ᠥᠪᠡᠷ ᠤᠨ ᠬᠡᠦᠬᠡᠳ ᠲᠠᠢ ᠡᠭᠡᠭᠡ ᠠᠳᠠᠯᠢᠬᠠᠨ ᠢᠳᠡᠭᠦᠯᠵᠦ ᠤᠤᠭᠤᠯᠭᠠᠨ᠂ ᠵᠥᠪ ᠶᠠᠪᠤᠳᠠᠯ ᠢ ᠨᠢ ᠰᠠᠶᠢᠰᠢᠶᠠᠨ ᠤᠷᠮᠠᠰᠢᠭᠤᠯᠵᠤ᠂ ᠠᠯᠳᠠᠭ᠎ᠠ ᠪᠤᠷᠤᠭᠤ ᠶᠢ ᠨᠢ ᠵᠠᠰᠠᠵᠤ ᠵᠠᠯᠠᠷᠠᠭᠤᠯᠳᠠᠭ᠃ ᠭᠤᠶᠠᠳᠠᠭᠠᠳ ᠠᠪᠤᠭᠰᠠᠨ ᠴᠦ ᠠᠶᠢᠯ ᠤᠨ ᠠᠬᠠᠮᠠᠳ ᠨᠠᠮ᠎ᠠ ᠶᠢ ᠭᠤᠶᠠᠳᠠᠯ᠎ᠠ ᠭᠡᠵᠤ ᠭᠤᠮᠤᠳᠠᠳᠠᠭ ᠦᠭᠡᠢ᠃ ᠥᠪᠡᠷ ᠤᠨ ᠬᠢᠨᠢ ᠠᠪᠤ ᠡᠵᠢ ᠴᠦ ᠮᠠᠨ ᠤ ᠬᠡᠦᠬᠡᠳ ᠢ ᠭᠤᠶᠠᠳᠠᠯ᠎ᠠ ᠭᠡᠵᠤ ᠥᠮᠥᠭᠡᠷᠡᠳᠡᠭ ᠦᠭᠡᠢ᠃ ᠬᠠᠷᠢᠨ ᠬᠡᠦᠬᠡᠳ ᠤᠨ ᠠᠯᠳᠠᠭ᠎ᠠ ᠶᠢ ᠬᠠᠷᠠᠵᠤ ᠪᠠᠶᠢᠭᠠᠳ ᠬᠡᠯᠡᠬᠦ ᠦᠭᠡᠢ ᠪᠣᠯ ᠬᠡᠦᠬᠡᠳ ᠢ ᠮᠠᠭᠤ ᠰᠤᠷᠭᠠᠯ᠎ᠠ ᠭᠡᠵᠤ ᠪᠤᠴᠠᠭᠠᠳ ᠰᠠᠭᠠᠬᠠᠯᠲᠠ ᠶᠢᠨ ᠠᠬᠠᠮᠠᠳ ᠢᠶᠠᠨ ᠪᠤᠷᠤᠭᠤᠳᠬᠠᠳᠠᠭ᠃ ᠥᠭᠡᠷ᠎ᠡ ᠪᠠᠷ ᠬᠡᠯᠡᠪᠡᠯ᠂ ᠲᠡᠳᠡ ᠬᠠᠮᠲᠤ ᠪᠠᠷ ᠢᠶᠠᠨ ᠬᠡᠦᠬᠡᠳ ᠬᠥᠮᠥᠵᠢᠭᠦᠯᠬᠦ ᠡᠭᠦᠷᠭᠡ ᠲᠠᠢ ᠪᠠᠶᠢᠳᠠᠭ᠃ ᠲᠡᠶᠢᠮᠦ ᠤᠷᠴᠢᠨ ᠳᠤ ᠥᠰᠥᠭᠰᠡᠨ ᠬᠡᠦᠬᠡᠳ ᠪᠤᠰᠤᠳ ᠢ ᠬᠦᠨᠳᠦᠯᠡᠳᠡᠭ᠂ ᠬᠥᠮᠥᠨ ᠳᠤ ᠲᠤᠰᠠᠷᠬᠠᠭ᠂ ᠶᠠᠮᠠᠷ ᠴᠦ ᠶᠠᠭᠤᠮᠠᠨ ᠳᠤ ᠡᠪᠰᠡᠭ᠂ ᠪᠡᠶ᠎ᠡ ᠪᠠᠨ ᠳᠠᠭᠠᠭᠠᠬᠤ ᠪᠠᠷ ᠰᠠᠶᠢᠨ ᠪᠣᠯᠳᠠᠭ᠃       ᠭᠤᠷᠪᠠ᠂ ᠮᠣᠷᠢ ᠪᠣᠯ ᠮᠣᠩᠭᠤᠯᠴᠣᠳ ᠤᠨ ᠭᠠᠷ᠂ ᠬᠥᠯ᠂ ᠬᠠᠷᠠᠭ᠎ᠠ᠂ ᠤᠬᠠᠭᠠᠨ ᠢ ᠬᠢᠵᠠᠭᠠᠷ ᠦᠭᠡᠢ ᠲᠡᠯᠡᠭᠰᠡᠨ ᠡᠷᠳᠡᠨᠢᠲᠦ ᠠᠮᠢᠲᠠᠨ ᠪᠢᠯᠨ᠃       ᠮᠤᠩᠭᠤᠯ ᠬᠡᠦᠬᠡᠳ ᠤᠳ ᠶᠡᠭᠡ ᠪᠠᠭ᠎ᠠ ᠠᠴᠠ ᠪᠠᠨ ᠮᠤᠷᠢ ᠤᠨᠤᠵᠤ ᠮᠤᠷᠢ ᠲᠠᠢ ᠨᠥᠬᠦᠷᠯᠡᠳᠡᠭ᠃ ᠬᠡᠦᠬᠡᠳ ᠮᠤᠷᠢ ᠤᠨᠤᠵᠤ ᠡᠬᠢᠯᠡᠭᠰᠡᠨ ᠠᠴᠠ ᠮᠠᠰᠢ ᠥᠷᠭᠡᠨ ᠣᠷᠤᠨ ᠵᠠᠢ ᠳᠤ ᠬᠥᠳᠡᠯᠭᠡᠭᠡᠨ ᠬᠢᠵᠦ᠂ ᠣᠯᠠᠨ ᠬᠥᠮᠥᠨ ᠠᠮᠢᠲᠠᠨ ᠲᠠᠢ ᠲᠠᠨᠢᠯᠴᠠᠵᠤ᠂ ᠲᠡᠭᠦᠨ ᠤ ᠮᠡᠳᠡᠯᠭᠡ ᠴᠢᠳᠠᠪᠤᠷᠢ ᠨᠢ ᠲᠣᠩ ᠣᠬᠤᠷᠬᠠᠨ ᠬᠤᠭᠤᠴᠠᠭᠠᠨ ᠳᠤ ᠮᠠᠰᠢ ᠲᠦᠷᠭᠡᠨ ᠨᠡᠮᠡᠭᠳᠡᠳᠡᠭ ᠪᠠᠶᠢᠨ᠎ᠠ᠃ ᠮᠣᠷᠢ ᠶᠢ ᠡᠷᠬᠡᠰᠢᠶᠡᠬᠦ ᠠᠴᠠ ᠡᠬᠢᠯᠡᠭᠡᠳ ᠵᠦᠭ ᠴᠢᠭ᠂ ᠶᠠᠩᠵᠤ ᠪᠦᠷᠢ ᠶᠢᠨ ᠭᠠᠵᠠᠷ ᠤᠨ ᠪᠠᠶᠢᠴᠠ᠂ ᠭᠡᠷᠡᠯ ︵ᠬᠠᠷᠠᠩᠭᠤᠢ ᠪᠠᠷ ᠠᠶᠠᠯᠠᠬᠤ︶᠂ ᠴᠠᠭ ᠠᠭᠠᠷ ᠤᠨ ᠨᠥᠬᠦᠴᠡᠯ ᠳᠤ ᠵᠤᠬᠢᠴᠠᠬᠤ ᠶᠠᠪᠤᠴᠠ ᠳᠤ ᠪᠡᠶ᠎ᠡ ᠮᠠᠬᠠᠪᠤᠳ ᠨᠢ ᠴᠢᠭᠢᠷᠠᠭᠵᠢᠬᠤ ᠶᠢᠨ ᠳᠠᠭᠠᠤ ᠣᠯᠠᠨ ᠲᠠᠯ᠎ᠠ ᠶᠢᠨ ᠮᠡᠳᠡᠷᠡᠮᠵᠢ ᠨᠢ ᠭᠤᠶᠢᠳᠠ ᠬᠥᠭᠵᠢᠳᠡᠭ᠃ ᠪᠡᠶ᠎ᠡ ᠪᠢᠯᠳᠠᠷ ᠤᠨ ᠬᠥᠮᠥᠵᠢᠯ᠂ ᠶᠣᠰᠣ ᠰᠤᠷᠲᠠᠬᠤᠨ ᠤ ᠬᠥᠮᠥᠵᠢᠯ ᠪᠣᠯᠣᠨ ᠣᠶᠤᠨ ᠤᠬᠠᠭᠠᠨ ᠤ ᠬᠥᠮᠥᠵᠢᠯ ᠪᠣᠯ ᠬᠡᠦᠬᠡᠳ ᠤᠨ ᠬᠥᠮᠥᠵᠢᠯ ᠤᠨ ᠲᠤᠯᠭ᠎ᠠ ᠶᠢᠨ ᠭᠤᠷᠪᠠᠨ ᠴᠢᠯᠠᠭᠤ ᠭᠡᠵᠤ ᠦᠵᠡᠮᠡᠷ ᠪᠠᠶᠢᠨ᠎ᠠ᠃ ᠡᠭᠦᠨ ᠳᠤ ᠪᠡᠶ᠎ᠡ ᠪᠢᠯᠳᠠᠷ ᠤᠨ ᠬᠥᠮᠥᠵᠢᠯ ᠪᠣᠯ ᠬᠡᠦᠬᠡᠳ ᠤᠨ ᠬᠥᠮᠥᠵᠢᠯ ᠤᠨ ᠰᠠᠭᠤᠷᠢ ᠪᠠᠶᠢᠬᠤ ᠶᠣᠰᠣᠲᠠᠢ᠃ ᠨᠢᠭᠡ ᠦᠶ᠎ᠡ ᠣᠶᠤᠨ ᠤᠬᠠᠭᠠᠨ ᠤ ᠬᠥᠮᠥᠵᠢᠯ ᠢ ᠬᠡᠲᠦ ᠴᠢᠬᠤᠯᠠᠴᠢᠯᠠᠵᠤ ᠪᠠᠶᠢᠭᠰᠠᠨ ᠠᠴᠠ ᠪᠠᠨ ᠰᠡᠭᠦᠯ ᠤᠨ ᠦᠶ᠎ᠡ ᠳᠤ ᠶᠣᠰᠣ ᠰᠤᠷᠲᠠᠬᠤᠨ ᠤ ᠬᠥᠮᠥᠵᠢᠯ ᠢ ᠲᠡᠷᠢᠭᠦᠨ ᠪᠠᠶᠢᠷᠢᠨ ᠳᠤ ᠲᠠᠯᠪᠢᠬᠤ ᠪᠣᠯᠵᠠᠢ᠃ ᠭᠡᠬᠦ ᠳᠤ ᠪᠠᠨ ᠵᠠᠯᠠᠭᠤ ᠪᠠᠭᠠᠴᠣᠳ ᠤᠨ ᠡᠷᠡᠭᠦᠯ ᠮᠡᠨᠳᠦ ᠶᠢᠨ ᠪᠠᠶᠢᠳᠠᠯ ᠰᠡᠳᠬᠢᠯ ᠡᠮᠵᠡᠭᠯᠡᠭᠦᠯᠵᠦ ᠡᠬᠢᠯᠡᠪᠡ᠃ ᠬᠡᠷᠪᠡ ᠨᠢᠭᠤᠷ ᠲᠤ ᠪᠠᠨ ᠭᠠᠯ ᠲᠠᠢ᠂ ᠨᠢᠳᠦᠨ ᠳᠤ ᠪᠠᠨ ᠴᠤᠭ ᠲᠠᠢ᠂ ᠪᠣᠯᠴᠢᠩ ᠰᠢᠷᠪᠦᠰᠦ ᠨᠢ ᠵᠠᠩᠭᠢᠷᠠᠭᠰᠠᠨ ᠪᠡᠶ᠎ᠡ ᠮᠠᠬᠠᠪᠤᠳ ᠪᠠᠶᠢᠬᠤ ᠦᠭᠡᠢ ᠪᠣᠯ ᠶᠠᠮᠠᠷ ᠡᠷᠬᠢᠮ ᠳᠡᠭᠡᠳᠦ ᠶᠣᠰᠣ ᠰᠤᠷᠲᠠᠬᠤᠨ᠂ ᠬᠡᠲᠦ᠋ᠢᠳᠦᠭᠰᠡᠨ ᠡᠷᠳᠡᠮ ᠮᠡᠳᠡᠯᠭᠡ ᠲᠠᠢ ᠪᠠᠶᠢᠯ᠎ᠠ ᠴᠦ ᠭᠡᠰᠡᠨ ᠪᠡᠶ᠎ᠡ ᠨᠢ ᠰᠠᠨᠠᠭ᠎ᠠ ᠪᠠᠨ ᠲᠤᠱᠠᠭᠠᠳ ᠬᠤᠯᠨ ᠳᠥᠬᠦᠳᠡᠭ ᠦᠭᠡᠢ ᠶᠤᠮ᠃ ᠲᠡᠭᠡᠬᠦᠯᠡᠷ ᠶᠠᠭᠤᠨ ᠤ ᠡᠮᠦᠨ᠎ᠡ ᠬᠡᠦᠬᠡᠳ ᠢ ᠡᠷᠡᠭᠦᠯ ᠰᠠᠷᠠᠭᠤᠯ ᠥᠰᠬᠡᠬᠦ ᠨᠢ ᠲᠡᠷᠢᠭᠦᠨ ᠴᠢᠬᠤᠯᠨ ᠪᠢᠯᠨ᠃ ᠭᠡᠬᠦ ᠳᠤ ᠪᠠᠨ ᠡᠯ᠎ᠡ ᠵᠦᠢᠯ ᠤᠨ ᠬᠦᠮᠥᠵᠢᠯ ᠨᠢ ᠰᠠᠯᠤᠩᠬᠢᠲᠠ ᠶᠠᠪᠤᠭᠳᠠᠳᠠᠭ ᠦᠭᠡᠢ᠃ ᠵᠢᠱᠢᠶᠡᠯᠡᠪᠡᠯ᠄ ᠴᠠᠬᠢᠯᠳᠠᠭ ᠲᠡᠭᠦᠵᠦ ᠲᠠᠰᠢᠭᠤᠷ ᠭᠥᠷᠥᠬᠦ ᠪᠠᠷ ᠠᠪᠴᠤ ᠦᠵᠡᠬᠦ ᠳᠤ᠂ ᠪᠡᠶ᠎ᠡ ᠮᠠᠬᠠᠪᠤᠳ ᠨᠢ ᠴᠢᠭᠢᠷᠠᠭᠵᠢᠬᠤ ᠶᠢᠨ ᠳᠠᠭᠠᠤ ᠤᠬᠠᠭᠠᠨ ᠰᠠᠨᠠᠭ᠎ᠠ ᠨᠢ ᠴᠦ ᠬᠥᠭᠵᠢᠳᠡᠭ᠃ ᠶᠠᠷᠦᠨᠢ ᠬᠥᠳᠡᠯᠭᠡᠭᠡᠨ ᠪᠣᠯᠣᠨ ᠤᠬᠠᠭᠠᠨ ᠬᠤᠶᠠᠷ ᠰᠠᠯᠤᠩᠭᠢᠲᠠ ᠪᠢᠰᠢ᠂ ᠬᠠᠷᠢᠨ ᠪᠣᠳᠣᠯᠢᠶᠠᠨᠲᠠᠢ ᠬᠥᠳᠡᠯᠭᠡᠭᠡᠨ ᠨᠢ ᠪᠡᠶ᠎ᠡ ᠶᠢ ᠴᠢᠭᠢᠷᠠᠭᠵᠢᠭᠤᠯᠬᠤ ᠮᠥᠷᠲᠡᠭᠡᠨ ᠲᠠᠷᠢᠬᠢᠨ ᠤ ᠬᠥᠭᠵᠢᠯᠲᠡ ᠶᠢ ᠠᠬᠢᠭᠤᠯᠳᠠᠭ᠃ ᠣᠨᠴᠠᠭᠠᠶᠢᠯᠠᠨ ᠶᠣᠰᠣ ᠰᠤᠷᠲᠠᠬᠤᠨ ᠤ ᠬᠥᠮᠥᠵᠢᠯ ᠢ ᠳᠠᠩᠨᠠᠨ ᠬᠢᠵᠦ ᠪᠣᠯᠳᠠᠭ ᠦᠭᠡᠢ᠃ ᠤᠴᠢᠷ ᠨᠢ ᠬᠡᠦᠬᠡᠳ ᠪᠤᠰᠤᠳ ᠤᠨ ᠬᠡᠯᠡᠵᠦ ᠰᠤᠷᠭᠠᠬᠤ ᠳᠤ ᠴᠠᠭᠠᠨ᠎ᠠ ᠠᠴᠠ ᠪᠠᠨ ᠳᠤᠷ᠎ᠠ ᠦᠭᠡᠢ ᠪᠠᠶᠢᠳᠠᠭ᠃ ᠲᠡᠷᠨ ᠮᠥᠷᠲᠡᠭᠡᠨ ᠳᠠᠩ ᠴᠤᠯᠭᠤᠢ ᠦᠭᠡᠯᠡᠵᠦ ᠶᠠᠩᠰᠢᠬᠤ ᠮᠠᠶ᠋ᠢᠭ ᠤᠨ ᠬᠥᠮᠥᠵᠢᠯ ᠤᠨ ᠠᠷᠭ᠎ᠠ ᠨᠢ ᠭᠡᠳᠡᠷᠭᠦ ᠪᠠᠨ ᠡᠰᠡᠷᠭᠦ ᠦᠢᠯᠡᠳᠦᠯ ᠭᠠᠷᠭᠠᠬᠤ ᠳᠤ ᠬᠦᠷᠳᠡᠭ᠃ ᠬᠠᠷᠢᠨ ᠲᠡᠭᠦᠨ ᠳᠤ ᠵᠢᠭᠠᠵᠤ ᠪᠠᠶᠢᠨ᠎ᠠ ᠭᠡᠵᠤ ᠮᠡᠳᠡᠭᠳᠡᠬᠦ ᠦᠭᠡᠢ ᠪᠠᠷ ᠰᠤᠷᠭᠠᠬᠤ ᠪᠣᠯ ᠬᠠᠮᠤᠭ ᠤᠨ ᠰᠠᠶᠢᠨ ᠰᠤᠷᠭᠠᠯᠲᠠ ᠶᠢᠨ ᠠᠷᠭ᠎ᠠ ᠪᠣᠯᠣᠨ᠎ᠠ᠃ ᠮᠣᠩᠭᠤᠯ ᠠᠷᠠᠳ ᠤᠨ ᠬᠥᠮᠥᠵᠢᠯ ᠳᠤ ᠰᠢᠳᠦᠯᠭᠡ ᠪᠢᠰᠢᠷᠡᠯ ᠴᠢᠬᠤᠯᠨ ᠦᠢᠯᠡᠳᠦᠯ ᠭᠠᠷᠭᠠᠳᠠᠭ᠃ ᠡᠭᠦᠨ ᠳᠤ ᠣᠨᠴᠠᠭᠠᠶᠢᠯᠠᠨ ᠳᠤᠷᠠᠳᠤᠭᠤᠰᠢᠲᠠᠢ ᠨᠢ᠂ ︽ᠮᠠᠭᠤ ᠢᠷᠸ᠎ᠠ︾᠎ ᠶᠢᠨ ᠲᠤᠬᠠᠢ ᠣᠶᠢᠯᠠᠭᠠᠯᠲᠠ ᠪᠣᠯᠬᠤ ᠶᠤᠮ᠃ ᠬᠡᠦᠬᠡᠳ ᠠᠬᠠᠮᠠᠳ ᠨᠠᠰᠤᠲᠠᠨ ᠢᠶᠠᠨ ᠬᠦᠨᠳᠦᠯᠡᠬᠦ ᠦᠭᠡᠢ᠂ ᠴᠢᠭ ᠢᠶᠠᠷ ᠢᠶᠠᠨ ᠪᠠᠶᠢᠭ᠎ᠠ ᠠᠮᠢᠲᠠᠨ ᠤ ᠠᠮᠢ ᠶᠢ ᠬᠥᠨᠥᠭᠡᠬᠦ᠂ ᠮᠠᠯ ᠠᠳᠤᠭᠤᠰᠤ ᠶᠢ ᠵᠤᠪᠠᠭᠠᠬᠤ᠂ ᠣᠪᠤᠭ᠎ᠠ ᠪᠤᠯᠠᠭ ᠤᠨ ᠮᠣᠳᠣ ᠴᠢᠯᠠᠭᠤ ᠶᠢ ᠬᠥᠳᠡᠯᠭᠡᠬᠦ᠂ ᠬᠥᠮᠥᠨ ᠢ ᠬᠠᠷᠢᠶᠠᠬᠤ ᠮᠡᠲᠦ ᠶᠢᠨ ᠨᠠᠵᠠᠭᠠᠢ ᠦᠢᠯᠡᠳᠦᠯ ᠬᠢᠬᠦ ᠦᠶᠡᠰ ︽ᠮᠠᠭᠤ ᠢᠷᠸ᠎ᠠ︾ ᠪᠣᠯᠣᠨ᠎ᠠ ᠭᠡᠵᠤ ᠬᠤᠷᠢᠭᠯᠠᠳᠠᠭ᠃ ᠬᠡᠦᠬᠡᠳ ᠦᠨᠡᠬᠡᠷ ︽ᠮᠠᠭᠤ ᠢᠷᠸ᠎ᠠ︾᠎ ᠠᠴᠠ ᠠᠶᠤᠵᠤ᠂ ᠶᠣᠰᠤ ᠦᠭᠡᠢ ᠶᠠᠪᠤᠳᠠᠯ ᠭᠠᠷᠭᠠᠬᠤ ᠠᠴᠠ ᠬᠢᠴᠢᠶᠡᠵᠦ᠂ ᠶᠠᠪᠤᠭᠠᠨ ᠳᠤ ᠤᠬᠠᠮᠰᠠᠷ ᠠᠴᠠ ᠪᠠᠨ ᠨᠡᠶᠢᠭᠡᠮ ᠤᠨ ᠬᠡᠪ ᠳᠦᠷᠢᠮ ᠢ ᠰᠠᠬᠢᠳᠠᠭ ᠢᠷᠭᠡᠨ ᠪᠤᠯᠵᠤ ᠬᠥᠮᠥᠵᠢᠭᠳᠡᠳᠡᠭ ᠪᠠᠶᠢᠨ᠎ᠠ᠃ ᠨᠠᠭᠠᠳᠤᠮ ᠲᠤᠭᠯᠠᠭᠠᠮ ᠪᠣᠯᠣᠨ ᠬᠥᠳᠡᠯᠮᠦᠷᠢ ᠪᠣᠯ ᠬᠡᠦᠬᠡᠳ ᠤᠨ ᠬᠥᠭᠵᠢᠯᠲᠡ ᠶᠢ ᠠᠬᠢᠭᠤᠯᠬᠤ ᠬᠠᠮᠤᠭ ᠤᠨ ᠦᠨᠳᠦᠰᠦᠨ ᠠᠷᠭ᠎ᠠ ᠬᠡᠷᠡᠭᠯᠡᠭᠦᠷ ᠪᠣᠯᠣᠨ᠎ᠠ᠃ ᠶᠠᠷᠦᠨᠢ ᠪᠡᠶ᠎ᠡ ᠪᠢᠯᠳᠠᠷ᠂ ᠶᠣᠰᠣ ᠰᠤᠷᠲᠠᠬᠤᠨ᠂ ᠣᠶᠤᠨ ᠤᠬᠠᠭᠠᠨ ᠪᠤᠯᠣᠨ ᠭᠤᠸ᠎ᠠ ᠰᠠᠶᠢᠬᠠᠨ ᠤ ᠬᠥᠮᠥᠵᠢᠯ ᠨᠢ ᠴᠦ ᠲᠣᠭᠯᠠᠭᠠᠮ ᠪᠣᠯᠣᠨ ᠬᠥᠳᠡᠯᠮᠥᠷᠢ ᠶᠢᠨ ᠶᠠᠪᠤᠴᠠ ᠳᠤ ᠠᠶᠠᠨᠳᠠᠭᠠᠨ ᠶᠠᠪᠤᠭᠳᠠᠳᠠᠭ᠃ ᠲᠣᠭᠯᠠᠭᠠᠮ ᠨᠠᠭᠠᠳᠤᠮ ᠪᠣᠯ ᠬᠡᠦᠬᠡᠳ ᠢ ᠪᠠᠭᠲᠠᠭᠠᠭᠰᠠᠨ ᠣᠯᠠᠩᠬᠢ ᠨᠢᠯᠬ᠎ᠠ ᠠᠮᠢᠲᠠᠨ ᠤ ᠬᠤᠵᠢᠮ ᠪᠡᠶ᠎ᠡ ᠪᠠᠨ ᠳᠠᠭᠠᠭᠠᠵᠤ ᠠᠮᠢᠳᠤᠷᠠᠬᠤ ᠤᠷ᠎ᠠ ᠴᠢᠳᠠᠪᠤᠷᠢ ᠪᠠᠨ ᠣᠯᠵᠤ ᠠᠪᠬᠤ ᠦᠨᠳᠦᠰᠦᠨ ᠳᠠᠰᠬᠠᠯ ᠪᠢᠯᠨ᠃ ᠵᠢᠱᠢᠶᠡᠯᠡᠪᠡᠯ᠄ ᠠᠷᠢᠶᠠᠲᠠᠨ ᠤ ᠵᠤᠯᠵᠠᠭ᠎ᠠ ᠠᠩᠨᠠᠬᠤ ᠮᠡᠷᠭᠡᠵᠢᠯ ᠢ ᠲᠤᠭᠯᠠᠭᠠᠮ ᠤᠨ ᠳᠤᠮᠳᠠ ᠡᠵᠡᠮᠰᠢᠳᠡᠭ ᠪᠣᠯ ᠭᠥᠷᠥᠭᠡᠰᠦᠨ ᠤ ᠵᠤᠯᠵᠠᠭ᠎ᠠ ᠠᠷᠢᠶᠠᠲᠠᠨ ᠠᠴᠠ ᠪᠡᠶ᠎ᠡ ᠪᠠᠨ ᠬᠠᠮᠠᠭᠠᠯᠠᠬᠤ ᠴᠢᠳᠠᠪᠤᠷᠢ ᠶᠢ ᠮᠥᠨ ᠲᠤᠭᠯᠠᠭᠠᠮ ᠤᠨ ᠳᠤᠮᠳᠠ ᠡᠵᠡᠮᠰᠢᠵᠦ ᠠᠪᠳᠠᠭ᠃ ᠲᠡᠭᠦᠨᠴᠢᠯᠡᠨ ᠬᠡᠦᠬᠡᠳ ᠴᠦ ᠭᠡᠰᠡᠨ ᠠᠳᠠᠯᠢᠬᠠᠨ ᠨᠡᠶᠢᠭᠡᠮ ᠳᠡᠭᠡᠷ᠎ᠡ ᠣᠷᠣᠰᠢᠨ ᠲᠣᠭᠲᠠᠨᠢᠬᠤ ᠤᠷ᠎ᠠ ᠴᠢᠳᠠᠪᠤᠷᠢ ᠪᠠᠨ ᠲᠤᠭᠯᠠᠭᠠᠮ ᠪᠣᠯᠣᠨ ᠬᠥᠳᠡᠯᠮᠦᠷᠢ ᠶᠢᠨ ᠳᠤᠮᠳᠠ ᠪᠦᠷᠢᠯᠳᠦᠭᠦᠯᠵᠦ ᠠᠪᠳᠠᠭ ᠶᠤᠮ᠃ ᠬᠡᠦᠬᠡᠳ ᠨᠢᠭᠡᠪᠦᠷᠢ ᠮᠠᠰᠢ ᠭᠠᠷᠮᠠᠭᠠᠢ ᠵᠥᠴᠥᠭᠡᠴᠢᠨ ᠪᠠᠶᠢᠳᠠᠭ᠃ ᠬᠤᠲᠠ ᠠᠶᠢᠯ ᠤᠨ ᠬᠡᠦᠬᠡᠳ ᠤᠳ ᠠᠯᠢ ᠳᠤᠷ᠎ᠠ ᠲᠠᠢ ᠴᠠᠭ ᠲᠤ ᠪᠠᠨ ᠪᠥᠭᠡᠮᠨᠡᠷᠡᠵᠦ ︽ᠵᠥᠴᠥᠭᠡ ᠶᠢᠨ ᠳᠡᠪᠲᠡᠷ︾᠎ ᠢᠶᠠᠨ ᠬᠡᠨ ᠨᠢᠭᠡ ᠨᠢ ᠪᠠᠷᠢᠨ ᠨᠠᠶᠢᠷᠠᠭᠤᠯᠵᠤ᠂ ᠲᠡᠭᠦᠨ ᠳᠤ ᠪᠠᠨ ᠨᠡᠶᠢᠭᠡᠮ ᠤᠨ ᠦᠨᠳᠦᠰᠦᠨ ᠬᠠᠷᠢᠯᠴᠠᠭ᠎ᠠ ᠶᠢ ᠴᠣᠮᠬᠠᠳᠬᠠᠨ ᠳᠤᠰᠬᠠᠳᠠᠭ᠃ ᠲᠡᠭᠡᠭᠡᠳ ᠬᠥᠮᠥᠨ ᠪᠦᠷᠢ ᠥᠪᠡᠷ ᠥᠪᠡᠷ ᠤᠨ ᠳᠦᠷᠢ ᠳᠤ ᠪᠠᠨ ᠮᠠᠰᠢ ᠣᠨᠣᠪᠴᠢᠲᠠᠢ ᠤᠷᠤᠵᠤ ᠴᠢᠳᠠᠳᠠᠭ᠃ ︽ᠵᠥᠴᠥᠭᠡᠯᠡᠬᠦ︾ ᠶᠠᠪᠤᠴᠠ ᠳᠤ ᠬᠡᠦᠬᠡᠳ ᠤᠳ ᠤᠨ ᠬᠡᠯᠨ ᠶᠠᠷᠢᠶᠠᠨ ᠤ ᠰᠤᠶᠤᠯ᠂ ᠨᠡᠶᠢᠭᠡᠮ ᠤᠨ ᠬᠠᠷᠢᠯᠴᠠᠭ᠎ᠠ ᠪᠤᠯᠤᠨ ᠶᠤᠰᠤ ᠰᠤᠷᠲᠠᠬᠤᠨ ᠤ ᠬᠡᠮ ᠬᠡᠮᠵᠢᠶ᠎ᠡ ᠠᠶᠠᠨᠳᠠᠭᠠᠨ ᠲᠥᠯᠥᠪᠰᠢᠳᠡᠭ ᠪᠠᠶᠢᠨ᠎ᠠ᠃ ᠡᠨᠡ ᠨᠢ ᠬᠡᠦᠬᠡᠳ ᠬᠡᠦᠬᠡᠳ ᠢᠶᠠᠨ ᠢᠯᠡᠭᠦᠦ ᠣᠶᠢᠯᠠᠭᠠᠳᠠᠭ ᠮᠥᠷᠲᠡᠭᠡᠨ ᠪᠡᠶ᠎ᠡ ᠪᠡᠶ᠎ᠡ ᠪᠠᠨ ᠠᠮᠠᠷᠬᠠᠨ ᠨᠥᠯᠥᠭᠡᠯᠡᠳᠡᠭ ᠠᠴᠠ ᠪᠣᠯᠵᠤ ᠪᠠᠶᠢᠨ᠎ᠠ᠃ ᠬᠡᠦᠬᠡᠳ ᠤᠨ ᠲᠤᠭᠯᠠᠭᠠᠮ ᠳᠤ ᠭᠡᠷ ᠪᠦᠯᠢ ᠶᠢᠨ ᠬᠠᠷᠢᠯᠴᠠᠭ᠎ᠠ᠂ ᠨᠠᠶᠢᠵᠠ ᠨᠥᠬᠦᠳ ᠤᠨ ᠬᠠᠷᠢᠯᠴᠠᠭ᠎ᠠ᠂ ᠨᠡᠶᠢᠭᠡᠮ ᠤᠨ ᠠᠵᠢᠯ ᠲᠥᠷᠥᠯ᠂ ᠠᠵᠤ ᠠᠬᠤᠢ ᠶᠢᠨ ᠦᠢᠯᠡᠳᠪᠦᠷᠢᠯᠡᠯ᠂ ᠵᠠᠩ ᠦᠢᠯᠨ ᠭᠡᠬᠦᠴᠢᠯᠡᠨ ᠨᠡᠶᠢᠭᠡᠮ ᠤᠨ ᠥᠷᠭᠡᠨ ᠴᠠᠷᠠᠭ᠎ᠠ ᠬᠦᠷᠢᠶ᠎ᠡ ᠶᠢ ᠪᠠᠭᠳᠠᠭᠠᠳᠠᠬ᠃ ︽ᠵᠥᠴᠦᠭᠡᠯᠡᠵᠦ︾ ᠲᠤᠭᠯᠠᠬᠤ ᠠᠴᠠ ᠭᠠᠳᠠᠨ᠎ᠠ ᠬᠡᠦᠬᠡᠳ ᠤᠳ ᠪᠤᠭᠤ᠂ ᠰᠢᠲᠠᠷ᠎ᠠ ᠮᠡᠲᠦ ᠶᠢᠨ ᠬᠥᠯᠭᠡᠲᠦ ᠲᠤᠭᠯᠠᠭᠠᠮ ᠢᠶᠠᠷ ᠤᠢ ᠪᠢᠯᠢᠭ ᠢᠶᠠᠨ ᠬᠤᠷᠴᠠᠯᠠᠵᠤ᠂ ᠱᠠᠭ᠎ᠠ ᠨᠠᠭᠠᠳᠴᠤ ᠬᠥᠳᠡᠯᠭᠡᠭᠡᠨ ᠤ ᠡᠪᠰᠢᠯ ᠢᠶᠠᠨ ᠰᠠᠶᠢᠵᠢᠷᠠᠭᠤᠯᠳᠠᠭ᠃ ᠵᠥᠪᠬᠡᠨ ᠱᠠᠭ᠎ᠠ ᠲᠤᠭᠯᠠᠭᠠᠮ ᠢᠶᠠᠷ ᠠᠪᠴᠤ ᠦᠵᠡᠬᠦ ᠳᠤ ᠲᠤᠭᠯᠠᠬᠤ ᠲᠥᠷᠥᠯ ᠵᠦᠢᠯ ᠨᠢ ᠣᠯᠠᠨ ᠪᠠᠶᠢᠳᠠᠭ ᠪᠥᠭᠡᠳ ᠦᠢᠯᠡᠳᠦᠯ ᠨᠢ ᠴᠦ ᠬᠠᠷᠢᠯᠴᠠᠨ ᠠᠳᠠᠯᠢ ᠦᠭᠡᠢ ᠪᠠᠶᠢᠳᠠᠭ᠃ ᠱᠠᠭ᠎ᠠ ᠨᠠᠭᠠᠳᠬᠤ ᠳᠤ ᠡᠬᠢᠯᠡᠬᠦ ᠡᠷᠬᠡ ᠶᠢ ᠣᠯᠬᠤ ᠳᠤ ᠤᠷᠢᠳᠠᠪᠠᠷ ᠨᠠᠰᠤ ᠪᠠᠷ ᠬᠠᠮᠤᠭ ᠤᠨ ᠠᠬᠠᠮᠠᠳ ᠨᠢ ᠡᠬᠢᠯᠡᠵᠦ ᠪᠦᠩᠵᠦᠭ ︵ᠬᠤᠶᠠᠷ ᠱᠠᠭ᠎ᠠ ᠡᠭᠡᠯᠵᠢᠯᠡᠨ ᠣᠷᠬᠢᠭᠠᠳ ᠬᠡᠨ ᠤ ᠬᠢᠨᠢ ᠢᠵᠢᠯ ᠪᠠᠭᠤᠪᠠᠯ ᠲᠡᠷᠨ ᠬᠥᠮᠥᠨ ᠡᠬᠢᠯᠡᠬᠦ ᠡᠷᠬᠡ ᠶᠢ ᠣᠯᠳᠠᠭ ︶ ᠤᠷᠬᠢᠳᠠᠭ᠂ ᠡᠨᠡ ᠨᠢ ᠨᠠᠰᠤᠲᠠᠨ ᠢᠶᠠᠨ ᠬᠥᠨᠳᠦᠯᠡᠬᠦ ᠰᠠᠶᠢᠬᠠᠨ ᠬᠥᠮᠥᠵᠢᠯ ᠪᠤᠯᠳᠠᠭ᠃ ᠱᠠᠭ᠎ᠠ ᠨᠠᠭᠠᠳᠬᠤ ᠳᠤ ᠲᠤᠰ ᠲᠤᠰ ᠤᠨ ᠨᠠᠷᠢᠨ ᠳᠦᠷᠢᠮ ᠪᠠᠶᠢᠳᠠᠭ᠃ ᠵᠢᠷᠠᠨ ᠱᠠᠭ᠎ᠠ ᠣᠷᠬᠢᠭᠠᠳ ᠵᠢᠷᠭᠤᠭᠠᠨ ᠱᠠᠭ᠎ᠠ ᠠᠪᠬᠤ ᠠᠴᠠ ᠡᠮᠦᠨ᠎ᠡ ᠡᠪᠳᠡᠷᠡᠪᠡᠯ ᠪᠦᠲᠦᠨ ᠢᠶᠠᠷ ᠨᠢ ᠳᠠᠷᠠᠭ᠎ᠠ ᠶᠢᠨ ᠬᠥᠮᠥᠨ ᠳᠤ ᠰᠢᠯᠵᠢᠭᠦᠯᠳᠡᠭ᠃ ᠬᠠᠷᠪᠤᠭᠰᠠᠨ ᠭᠠᠷ ᠢᠶᠠᠷ ᠱᠠᠭ᠎ᠠ ᠠᠪᠬᠤ ᠦᠭᠡᠢ᠃ ᠱᠠᠭ᠎ᠠ ᠲᠠᠢ ᠭᠠᠷ ᠢᠶᠠᠷ ᠱᠠᠭ᠎ᠠ ᠠᠪᠬᠤ ᠦᠭᠡᠢ᠃ ᠭᠦᠯᠢᠮ ᠵᠠᠩᠭᠠᠵᠤ ᠪᠤᠯᠳᠠᠭ ᠦᠭᠡᠢ᠃ ᠬᠠᠷᠪᠤᠬᠤ ᠭᠡᠰᠡᠨ ᠱᠠᠭ᠎ᠠ ᠪᠠᠨ ᠵᠠᠩᠭᠠᠵᠤ ᠪᠤᠯᠳᠠᠭ ᠦᠭᠡᠢ ᠭᠡᠬᠦᠴᠢᠯᠡᠨ ᠮᠠᠰᠢ ᠴᠢᠩᠭ᠎ᠠ ᠶᠣᠰᠣ ᠳᠢᠭᠯᠢᠮ ᠲᠠᠢ ᠪᠠᠶᠢᠳᠠᠭ ᠨᠢ ᠵᠠᠯᠠᠭᠤ ᠪᠠᠭᠠᠴᠣᠳ ᠲᠤ ᠳᠦᠷᠢᠮ ᠭᠤᠷᠢᠮ ᠤᠨ ᠤᠬᠠᠮᠰᠠᠷ ᠢ ᠬᠦᠮᠦᠵᠢᠭᠦᠯᠬᠦ ᠳᠤ ᠲᠦᠢᠯ ᠤᠨ ᠠᠰᠢᠭᠲᠠᠢ ᠪᠠᠶᠢᠳᠠᠭ᠃ ᠱᠠᠭ᠎ᠠ ᠨᠠᠭᠠᠳᠬᠤ ᠳᠤ ︽ᠳᠤᠯᠤᠭᠠᠨ ᠳᠤᠭᠤᠢ ᠣᠷᠬᠢᠬᠤ︾ ᠭᠡᠵᠤ ᠪᠠᠶᠢᠳᠠᠭ ᠨᠢ ᠱᠠᠭ᠎ᠠ ᠨᠢᠰᠠᠯᠵᠤ ᠪᠠᠶᠢᠬᠤ ᠡᠭᠡᠯᠵᠢᠨ ᠳᠤ ᠪᠠᠨ ᠳᠠᠭᠤ ᠭᠠᠷᠴᠤ ᠪᠤᠯᠳᠠᠭ ᠦᠭᠡᠢ᠂ ᠡᠨᠡ ᠨᠢ ᠲᠡᠰᠪᠦᠷᠢ ᠲᠡᠪᠴᠢᠶᠡᠷᠢ ᠶᠢ ᠬᠥᠮᠥᠵᠢᠭᠦᠯᠬᠦ ᠰᠠᠶᠢᠨ ᠠᠷᠭ᠎ᠠ ᠪᠢᠯᠨ᠃ ᠱᠠᠭ᠎ᠠ ᠨᠢᠰᠠᠯᠬᠤ᠂ ᠬᠠᠯᠵᠠ ᠬᠠᠷᠪᠤᠬᠤ᠂ ᠤᠨᠳᠤᠭ᠎ᠠ ᠠᠪᠬᠤ ᠵᠡᠷᠭᠡ ᠨᠢ ᠬᠡᠳᠦᠨ ᠵᠦᠢᠯ ᠤᠨ ᠦᠢᠯᠨ ᠶᠢ ᠬᠤᠷᠴᠠ ᠱᠠᠯᠠᠮᠠᠭ ᠵᠤᠬᠢᠴᠠᠭᠤᠯᠬᠤ ᠶᠢ ᠱᠠᠭᠠᠷᠳᠠᠳᠠᠭ᠃ ︽ᠮᠠᠯ ᠦᠨᠡᠯᠡᠬᠦ︾ ᠭᠡᠳᠡᠭ ᠨᠠᠭᠠᠳᠤᠮ ᠨᠢ ᠲᠤᠭᠠᠨ ᠤ ᠤᠬᠠᠭᠠᠨ ᠤ ᠴᠡᠭᠡᠵᠢ ᠪᠣᠳᠣᠯᠭ᠎ᠠ ᠶᠢ ᠴᠠᠭᠠᠷᠠᠭᠤᠯᠬᠤ ᠦᠢᠯᠡᠳᠦᠯ ᠲᠠᠢ ᠪᠥᠭᠡᠳ ᠮᠥᠨ ᠴᠦ ᠠᠬᠤᠢ ᠠᠮᠢᠳᠤᠷᠠᠯ ᠳᠤ ᠮᠠᠯ ᠠᠷᠠᠯᠵᠢᠶᠠᠯᠠᠬᠤ ᠤᠬᠠᠭᠠᠨ ᠤ ᠠᠩᠬᠠᠨ ᠤ ᠰᠠᠭᠤᠷᠢ ᠶᠢ ᠲᠠᠯᠪᠢᠵᠤ ᠪᠠᠶᠢᠭ᠎ᠠ ᠶᠠᠪᠤᠳᠠᠯ ᠮᠥᠨ᠃ ᠤᠷᠢᠨ ᠳᠤᠯᠠᠭᠠᠨ ᠴᠠᠭ ᠤᠨ ᠲᠤᠭᠯᠠᠭᠠᠮ ᠨᠠᠭᠠᠳᠤᠮ ᠭᠤᠣᠯᠳᠠᠭᠤ ᠬᠡᠭᠡᠷ᠎ᠡ ᠭᠠᠳᠠᠨ᠎ᠠ ᠶᠠᠪᠤᠭᠳᠠᠳᠠᠭ᠃ ᠪᠢᠳᠡᠨ ᠤ ᠰᠠᠶᠢᠨ ᠮᠡᠳᠡᠳᠡᠭ ᠪᠥᠬᠡ ᠪᠠᠷᠢᠯᠳᠤᠬᠤ᠂ ᠠᠯᠴᠢᠭᠤᠷ ᠬᠠᠶᠠᠬᠤ ᠠᠴᠠ ᠭᠠᠳᠠᠨ᠎ᠠ ︽ᠲᠠᠷᠪᠠᠭᠠᠴᠠᠭᠠᠬᠤ︾᠂ ︽ᠠᠳᠤᠭᠤᠴᠠᠭᠠᠬᠤ︾᠂ ︽ᠲᠡᠮᠡᠭᠡᠴᠡᠭᠡᠬᠦ︾ ᠭᠡᠳ ᠶᠡᠭᠡ ᠣᠯᠠᠨ ᠶᠠᠩᠵᠤ ᠶᠢᠨ ᠨᠠᠭᠠᠳᠤᠮ ᠪᠠᠶᠢᠳᠠᠭ᠃ ᠲᠡᠷᠨ ᠨᠢ ᠶᠡᠭᠡ ᠪᠠᠶᠢᠭᠠᠯᠢ ᠶᠢᠨ ᠨᠡᠷᠨ ᠰᠠᠯᠬᠢᠨ᠂ ᠬᠥᠷᠥᠰᠥ ᠰᠢᠷᠤᠢ ᠠᠴᠠ ᠡᠷᠴᠢ ᠰᠢᠮ᠎ᠡ ᠠᠪᠴᠤ ᠪᠡᠶ᠎ᠡ ᠮᠠᠬᠠᠪᠤᠳ ᠢᠶᠠᠨ ᠴᠢᠭᠢᠷᠠᠭᠵᠢᠭᠤᠯᠬᠤ ᠬᠠᠮᠤᠭ ᠤᠨ ᠰᠠᠶᠢᠨ ᠠᠷᠭ᠎ᠠ ᠪᠤᠯᠳᠠᠭ᠃       ᠮᠤᠩᠭᠤᠯ ᠠᠷᠠᠳ ᠤᠨ ᠬᠥᠳᠡᠯᠮᠦᠷᠢ ᠶᠢᠨ ᠬᠥᠮᠥᠵᠢᠯ ᠨᠢ ᠮᠥᠨ ᠴᠦ ᠡᠷᠲᠡ ᠡᠬᠢᠯᠡᠳᠡᠭ᠃ ᠭᠡᠬᠦ ᠳᠤ ᠪᠠᠨ ᠬᠡᠦᠬᠡᠳ ᠢ ᠠᠯᠪᠠᠳᠠᠵᠤ ᠬᠥᠳᠡᠯᠮᠦᠷᠢᠯᠡᠭᠦᠯᠳᠡᠭ ᠦᠭᠡᠢ᠃ ᠬᠠᠷᠢᠨ ᠬᠡᠦᠬᠡᠳ ᠤᠨ ᠳᠠᠭᠤᠷᠢᠶᠠᠮᠠᠳᠠᠭᠠᠢ ᠵᠠᠩ ᠢ ᠠᠰᠢᠭᠯᠠᠨ ᠲᠣᠭᠯᠠᠭᠠᠮ ᠲᠠᠢ ᠬᠤᠤᠰᠯᠠᠭᠤᠯᠵᠤ ᠢᠳᠡᠭ ᠢᠳᠡᠭ ᠢᠶᠠᠷ ᠬᠥᠳᠡᠯᠮᠦᠷᠢ ᠳᠤ ᠳᠠᠰᠬᠠᠳᠠᠭ᠃ ᠵᠢᠱᠢᠶᠡᠯᠡᠪᠡᠯ᠄ ᠬᠡᠦᠬᠡᠳ ᠲᠤ ᠥᠪᠡᠷ ᠲᠤ ᠨᠢ ᠲᠣᠬᠢᠷᠠᠭᠰᠠᠨ ᠬᠥᠳᠡᠯᠮᠦᠷᠢ ᠶᠢᠨ ᠪᠠᠭᠠᠵᠢ ᠲᠦᠬᠦᠭᠡᠷᠴᠦ ᠥᠭᠭᠦᠨ᠎ᠡ᠃ ᠬᠦᠦ ᠬᠦᠮᠦᠨ ᠳᠤ ᠪᠢᠴᠢᠬᠠᠨ ᠤᠷᠭ᠎ᠠ᠂ ᠲᠠᠰᠢᠭᠤᠷ᠂ ᠦᠬᠢᠨ ᠬᠡᠦᠬᠡᠳ ᠲᠤ ᠪᠣᠯ ᠪᠢᠴᠢᠬᠠᠨ ᠱᠡᠭᠡᠵᠡᠭᠡᠢ᠂ ᠰᠠᠪᠠᠷ ᠮᠡᠲᠦ ᠶᠢ ᠬᠢᠭᠡᠳ ᠥᠭᠴᠢᠬᠡᠪᠡᠯ ᠲᠡᠳᠡ ᠲᠣᠮᠤ ᠬᠥᠮᠥᠨ ᠢ ᠳᠠᠭᠤᠷᠢᠶᠠᠵᠤ ᠬᠥᠳᠡᠯᠮᠦᠷᠢ ᠬᠢᠵᠦ ᠡᠬᠢᠯᠡᠳᠡᠭ᠃ ᠭᠡᠬᠦ ᠳᠤ ᠪᠠᠨ ᠬᠡᠦᠬᠡᠳ ᠤᠨ ᠬᠥᠳᠡᠯᠮᠦᠷᠢ ᠨᠢ ᠠᠩᠬᠠᠨ ᠤ ᠱᠠᠲᠤᠨ ᠳᠤ ᠪᠠᠨ ᠭᠤᠣᠯᠳᠠᠭᠤ ᠪᠡᠯᠭᠡᠳᠡᠯ ᠤᠨ ᠰᠢᠨᠵᠢ ᠲᠠᠢ ᠪᠠᠶᠢᠳᠠᠭ᠃ ᠪᠢᠴᠢᠬᠠᠨ ᠰᠠᠭᠤᠯᠠᠭ᠎ᠠ ᠪᠠᠷᠢᠭᠤᠯᠤᠭᠠᠳ ᠠᠷᠭᠠᠯ ᠠᠪᠤᠭᠠᠳ ᠢᠷ᠎ᠡ ᠭᠡᠬᠦ ᠳᠤ ᠭᠠᠭᠴᠠ ᠪᠥᠭᠡᠮ ᠨᠦᠢᠲᠠᠨ ᠠᠷᠭᠠᠯ ᠬᠢᠭᠡᠳ ᠢᠷᠡᠵᠦ ᠮᠠᠭᠠᠳ ᠦᠭᠡᠢ᠃ ᠲᠡᠭᠡᠬᠦ ᠳᠤ ᠬᠡᠦᠬᠡᠳ ᠢ ᠵᠢᠮᠡᠯᠡᠳᠡᠭ ᠦᠭᠡᠢ᠃ ᠮᠢᠨᠤ ᠬᠦᠦ ᠲᠤᠰᠠ ᠳᠤ ᠣᠷᠤᠵᠤ ᠪᠠᠶᠢᠨ᠎ᠠ᠂ ᠡᠵᠢ ᠪᠠᠨ ᠭᠦᠷᠦᠭᠦᠯᠦᠯ᠎ᠡ ︵ᠭᠢᠯᠠᠶᠢᠯᠭᠠᠯ᠎ᠠ︶ ᠭᠡᠵᠤ ᠤᠷᠮᠠᠰᠢᠭᠤᠯᠤᠭᠠᠳ ᠳᠠᠬᠢᠨ ᠥᠪᠡᠷ ᠢᠶᠠᠨ ᠶᠠᠪᠤᠵᠤ ᠲᠦᠯᠡᠬᠦ ᠠᠷᠭᠠᠯ ᠢᠶᠠᠨ ᠣᠶᠢᠷᠠᠳᠤᠭᠤᠯᠳᠠᠭ᠃ ᠬᠠᠷᠢᠨ ᠬᠡᠦᠬᠡᠳ ᠤᠷᠮᠠᠰᠢᠵᠤ ᠡᠵᠢ ᠳᠤ ᠪᠠᠨ ᠲᠤᠰᠠ ᠪᠤᠯᠬᠤ ᠭᠡᠵᠤ ᠤᠤᠯ ᠠᠴᠠ ᠪᠠᠨ ᠢᠯᠡᠭᠦᠦ ᠠᠷᠭᠠᠯ ᠡᠰᠡᠬᠦᠯ᠎ᠡ ᠬᠠᠭᠤᠷᠠᠢ ᠠᠷᠭᠠᠯ ᠵᠥᠭᠡᠭᠡᠵᠦ ᠢᠷᠡᠳᠡᠭ ᠪᠤᠯᠣᠨ᠎ᠠ᠃ ᠨᠢᠭᠡ ᠯᠡ ᠮᠡᠳᠡᠬᠦ ᠳᠤ ᠬᠡᠦᠬᠡᠳ ᠬᠥᠳᠡᠯᠮᠦᠷᠢᠯᠡᠬᠦ ᠳᠤᠷ᠎ᠠ ᠲᠠᠢ᠂ ᠶᠡᠭᠡ ᠠᠵᠢᠯᠴᠢ ᠪᠣᠯᠵᠣ ᠬᠤᠪᠢᠷᠠᠳᠠᠭ᠃ ᠬᠡᠷᠪᠡ ᠬᠡᠦᠬᠡᠳ ᠢ ᠳᠡᠩᠳᠡᠭᠦᠦ ᠪᠠᠭ᠎ᠠ ᠭᠡᠳ ᠠᠵᠢᠯ ᠬᠢᠯᠭᠡᠬᠦ ᠦᠭᠡᠢ ᠵᠥᠭᠡᠷ ᠰᠠᠭᠤᠯᠭᠠᠭᠠᠳ ᠪᠠᠶᠢᠪᠠᠯ ᠡᠴᠦᠰ ᠲᠤ ᠪᠠᠨ ᠬᠤᠶᠢᠷᠭᠤ ᠵᠠᠯᠬᠠᠭᠤ ᠪᠣᠯᠬᠤ ᠠᠶᠤᠯᠲᠠᠢ ᠪᠠᠶᠢᠳᠠᠭ᠃     ᠮᠣᠩᠭᠤᠯᠴᠣᠳ ᠬᠡᠦᠬᠡᠳ ᠲᠤ ᠪᠠᠨ ᠠᠮᠢᠳᠤᠷᠠᠬᠤ ᠴᠢᠳᠠᠪᠤᠷᠢ ᠣᠯᠭᠤᠬᠤ ᠠᠷᠭ᠎ᠠ ᠵᠦᠢ ᠶᠢᠨ ᠪᠣᠯᠪᠠᠰᠤᠷᠠᠩᠭᠤᠢ ᠲᠤᠭᠲᠠᠯᠴᠠᠭ᠎ᠠ ᠲᠠᠢ ᠪᠠᠶᠢᠳᠠᠭ ᠶᠤᠮ᠃      ᠨᠢᠭᠡ᠂ ᠮᠠᠯ ᠵᠢᠰᠦᠯᠡᠭᠦᠯᠬᠦ ᠪᠣᠯ ᠬᠡᠦᠬᠡᠳ ᠤᠨ ᠣᠯᠠᠨ ᠲᠠᠯ᠎ᠠ ᠶᠢᠨ ᠴᠢᠳᠠᠪᠤᠷᠢ ᠶᠢ ᠬᠥᠮᠥᠵᠢᠭᠦᠯᠬᠦ ᠦᠨᠳᠦᠰᠦᠨ ᠠᠷᠭ᠎ᠠ ᠶᠢᠨ ᠨᠢᠭᠡ ᠪᠣᠯᠣᠨ᠎ᠠ᠃ ᠮᠠᠯ ᠲᠥᠯᠯᠡᠬᠦ ᠦᠶᠡᠰ ᠬᠡᠦᠬᠡᠳ ᠢᠶᠠᠷ ᠰᠢᠨ᠎ᠡ ᠲᠥᠯᠯᠡᠭᠰᠡᠨ ᠨᠢᠯᠬ᠎ᠠ ᠲᠥᠯ ᠪᠣᠯᠣᠨ ᠡᠬᠡ ᠶᠢ ᠵᠢᠰᠦᠯᠡᠨ ᠲᠣᠭᠲᠠᠭᠠᠵᠤ᠂ ᠳᠠᠷᠠᠭ᠎ᠠ ᠤᠳᠠᠭ᠎ᠠ ᠲᠥᠯ ᠢ ᠨᠢ ᠡᠬᠡ ᠳᠤ ᠨᠢ ᠵᠥᠪ ᠣᠨᠣᠭᠠᠵᠤ ᠥᠭᠭᠦ ᠶᠢ  ᠱᠠᠭᠠᠷᠳᠠᠳᠠᠭ᠃ ᠴᠠᠭᠠᠨ ᠢᠰᠢᠭᠡ ᠶᠢ ᠬᠤᠭᠤᠷᠤᠨᠳᠤ ᠨᠢ ᠢᠯᠭᠠᠬᠤ ᠳᠤ ᠮᠠᠰᠢ ᠬᠦᠴᠢᠷ ᠪᠠᠶᠢᠳᠠᠭ᠃ ᠭᠡᠬᠦ ᠳᠤ ᠪᠠᠨ ᠡᠭᠡᠭᠡ ᠠᠳᠠᠯᠢᠬᠠᠨ ᠬᠤᠶᠠᠷ ᠤᠰᠤᠨ ᠳᠤᠰᠤᠯ ᠪᠠᠶᠢᠳᠠᠭ ᠦᠭᠡᠢ ᠭᠡᠳᠡᠭᠴᠢᠯᠡᠨ ᠢᠬᠢᠷ᠎ᠡ ᠢᠰᠢᠭᠡ ᠴᠦ ᠭᠡᠰᠡᠨ ᠵᠠᠪᠠᠯ ᠨᠢᠭᠡ ᠢᠯᠭᠠᠷᠠᠬᠤ ᠰᠢᠨᠵᠢ ᠪᠠᠶᠢᠳᠠᠭ᠃ ᠲᠡᠷᠨ ᠳᠠᠯᠳᠠ ᠨᠢᠭᠤᠴᠠᠭᠠᠢ ᠥᠯᠥ ᠮᠡᠳᠡᠭᠳᠡᠮ᠎ᠡ ᠢᠯᠭᠠᠷᠠᠬᠤ ᠰᠢᠨᠵᠢ ᠶᠢ ᠡᠷᠢᠵᠦ ᠭᠠᠷᠭᠠᠬᠤ ᠪᠣᠯ ᠣᠯᠠᠨ ᠲᠠᠯ᠎ᠠ ᠶᠢᠨ ᠬᠤᠣᠰᠯᠠᠭᠰᠠᠨ ᠴᠢᠳᠠᠪᠤᠷᠢ ᠪᠣᠯᠣᠨ ᠲᠤᠷᠰᠢᠯᠭ᠎ᠠ ᠶᠢ ᠱᠠᠭᠠᠷᠳᠠᠳᠠᠭ᠃      ᠨᠠᠭᠠᠳᠤ ᠵᠠᠬ᠎ᠠ ᠨᠢ ᠥᠩᠬᠡᠨ ᠤ ᠨᠠᠷᠢᠨ ᠢᠯᠭᠠᠭ᠎ᠠ ᠶᠢ ᠦᠵᠡᠵᠦ ᠭᠠᠷᠬᠤ ᠬᠡᠷᠡᠭᠲᠡᠢ᠃ ᠡᠭᠡᠭᠡ ᠠᠳᠠᠯᠢᠬᠠᠨ ᠴᠠᠭᠠᠨ ᠪᠤᠯᠪᠠᠴᠤ ᠨᠠᠷᠢᠨ ᠠᠵᠢᠭᠯᠠᠪᠠᠯ ᠴᠠᠭᠠᠨ ᠤ ᠳᠤᠲᠤᠷ᠎ᠠ ᠪᠠᠨ ᠪᠠᠰᠠ ᠣᠯᠠᠨ ᠬᠤᠪᠢᠯᠪᠤᠷᠢ ᠪᠠᠶᠢᠬᠤ ᠨᠢ ᠳᠠᠮᠵᠢᠭ ᠦᠭᠡᠢ᠃ ᠥᠩᠭᠡᠨ ᠠᠴᠠ ᠭᠠᠳᠠᠨ᠎ᠠ ᠬᠡᠯᠪᠡᠷᠢ ᠳᠦᠷᠰᠦ᠂ ᠦᠢᠯᠨ ᠬᠥᠳᠡᠯᠥᠯ᠂ ᠳᠠᠭᠤᠨ ᠠᠪᠢᠶ᠎ᠠ᠂ ᠠᠭᠠᠰᠢ ᠠᠷᠠᠨᠰᠢᠨ ᠭᠡᠳ ᠣᠯᠠᠨ ᠥᠨᠴᠦᠭ ᠠᠴᠠ ᠬᠠᠷᠢᠴᠠᠭᠤᠯᠵᠤ ᠦᠵᠡᠪᠡᠯ ᠮᠠᠯ ᠮᠠᠯ ᠤᠨ ᠬᠤᠭᠤᠷᠤᠨᠳᠤ ᠪᠠᠨ ᠢᠯᠨ ᠲᠣᠳᠤᠷᠬᠠᠢ ᠢᠯᠭᠠᠭ᠎ᠠ ᠭᠠᠷᠴᠤ ᠢᠷᠡᠳᠡᠭ᠃ ᠡᠶᠢᠨᠬᠦ ᠮᠠᠯ ᠤᠨ ᠵᠢᠰᠦᠮ ᠳᠤ ᠴᠠᠭᠠᠷᠠᠭᠠᠳ ᠢᠷᠡᠬᠦ ᠦᠶᠡᠰ ᠬᠤᠯᠨ ᠠᠴᠠ ᠪᠠᠷ᠎ᠠ ᠶᠢ ᠨᠢ ᠬᠠᠷᠠᠬᠤ ᠪᠤᠶᠤ ᠭᠡᠷ ᠲᠤ ᠪᠠᠨ ᠰᠠᠭᠤᠵᠤ ᠪᠠᠶᠢᠭᠠᠳ ᠮᠠᠶᠢᠯᠠᠬᠤ ᠳᠠᠭᠤᠨ ᠠᠪᠢᠶ᠎ᠠ ᠪᠤᠶᠤ ᠬᠥᠯ ᠤᠨ ᠴᠢᠮᠡᠭᠡ ᠪᠠᠷ ᠨᠢ ᠶᠠᠮᠠᠷ ᠬᠤᠨᠢ ᠡᠰᠡᠬᠦᠯ᠎ᠡ ᠢᠮᠠᠭ᠎ᠠ ᠭᠡᠵᠤ ᠢᠯᠭᠠᠵᠤ ᠴᠢᠳᠠᠬᠤ ᠬᠡᠮᠵᠢᠶᠡᠨ ᠳᠤ ᠬᠦᠷᠳᠡᠭ᠃ ᠲᠡᠶᠢᠮᠦ ᠴᠢᠳᠠᠪᠤᠷᠢ ᠡᠵᠡᠮᠰᠢᠭᠰᠡᠨ ᠬᠦᠮᠥᠨ ᠮᠠᠯ ᠢ ᠲᠤᠭᠠᠯᠠᠬᠤ ᠱᠠᠭᠠᠷᠳᠠᠯᠭ᠎ᠠ ᠦᠭᠡᠢ᠂ ᠵᠢᠰᠦᠮ ᠢᠶᠠᠷ ᠲᠤᠭ᠎ᠠ ᠲᠣᠯᠣᠭᠠᠢ ᠶᠢ ᠨᠢ ᠣᠬᠤᠷᠬᠠᠨ ᠴᠠᠭ ᠤᠨ ᠳᠤᠲᠤᠷ᠎ᠠ ᠪᠦᠷᠢᠳᠬᠡᠵᠦ ᠴᠢᠳᠠᠳᠠᠭ᠃ ᠲᠡᠭᠡᠪᠡᠯ ᠮᠠᠯ ᠵᠢᠰᠦᠯᠡᠬᠦ ᠴᠢᠳᠠᠪᠤᠷᠢ ᠨᠢ ᠮᠠᠯ ᠠᠵᠤ ᠠᠬᠤᠢ ᠠᠴᠠ ᠭᠠᠳᠠᠨ᠎ᠠ ᠠᠬᠤᠢ ᠠᠮᠢᠳᠤᠷᠠᠯ ᠳᠤ ᠶᠠᠮᠠᠷ ᠬᠡᠷᠡᠭᠴᠡᠭᠡ ᠲᠠᠢ ᠪᠤᠢ ᠭᠡᠵᠤ ᠤᠬᠤᠴᠢᠯᠠᠵᠤ ᠪᠣᠯᠣᠨ᠎ᠠ᠃ ᠡᠶᠢᠮᠦ ᠴᠢᠳᠠᠪᠤᠷᠢ ᠶᠢ ᠰᠠᠭᠤᠯᠭᠠᠵᠤ ᠠᠪᠤᠭᠰᠠᠨ ᠬᠥᠮᠥᠨ ᠥᠪᠡᠷ ᠲᠤ ᠲᠣᠬᠢᠶᠠᠯᠳᠤᠭᠰᠠᠨ ᠠᠯᠢᠪᠠ ᠤᠴᠢᠷ ᠶᠠᠪᠤᠳᠠᠯ᠂ ᠬᠡᠷᠡᠭ ᠪᠣᠳᠠᠰ ᠢ ᠣᠯᠠᠨ ᠥᠨᠴᠥᠭ ᠠᠴᠠ ᠨᠢ ᠰᠢᠨᠵᠢᠵᠦ ᠵᠥᠷᠢᠶ᠎ᠡ ᠶᠢ ᠨᠢ ᠠᠮᠠᠷᠬᠠᠨ ᠣᠯᠵᠤ ᠴᠢᠳᠠᠳᠠᠭ᠃ ᠵᠢᠱᠢᠶᠡᠯᠡᠪᠡᠯ᠄ ᠮᠠᠯ ᠤᠨ ᠵᠢᠰᠦᠮ ᠳᠤ ᠰᠠᠶᠢᠨ ᠬᠥᠮᠥᠨ ᠮᠠᠰᠢᠨ ᠵᠢᠯᠤᠭᠤᠳᠬᠤ ᠪᠠᠷ ᠪᠣᠳᠣᠬᠤ ᠳᠤ ᠮᠠᠰᠢᠨ ᠤ ᠳᠠᠭᠤᠨ ᠳᠤ ᠢᠯᠡᠷᠡᠭᠰᠡᠨ ᠥᠴᠦᠬᠡᠨ ᠬᠤᠪᠢᠷᠠᠯᠲᠠ ᠠᠴᠠ ᠮᠠᠰᠢᠨ ᠤ ᠠᠯᠢ ᠬᠡᠰᠡᠭ ᠨᠢ ᠬᠡᠪ ᠤᠨ ᠪᠠᠶᠢᠳᠠᠯ ᠢᠶᠠᠨ ᠠᠯᠳᠠᠵᠤ ᠪᠠᠶᠢᠭ᠎ᠠ ᠶᠢ ᠮᠠᠰᠢ ᠣᠬᠤᠷᠬᠠᠨ ᠴᠠᠭ ᠤᠨ ᠳᠤᠲᠣᠷ᠎ᠠ ᠣᠨᠣᠰᠢᠯᠠᠵᠤ ᠮᠡᠳᠡᠳᠡᠭ᠃       ᠬᠤᠶᠠᠷ᠂ ᠠᠭᠤᠯᠨ ᠤᠰᠤᠨ ᠤ ᠨᠡᠷ᠎ᠡ ᠶᠢ ᠴᠡᠭᠡᠵᠢᠯᠡᠭᠦᠯᠬᠦ ᠪᠤᠯ ᠮᠥᠨ ᠴᠦ ᠮᠠᠯᠴᠢᠨ ᠬᠥᠮᠥᠨ ᠤ ᠬᠥᠮᠥᠵᠢᠯ ᠤᠨ ᠨᠢᠭᠡ ᠴᠢᠬᠤᠯᠨ ᠠᠭᠤᠯᠭ᠎ᠠ ᠪᠠᠶᠢᠳᠠᠭ᠃ ᠠᠬᠠᠮᠠᠳ ᠨᠢ ᠬᠡᠦᠬᠡᠳ ᠢᠶᠠᠨ ᠭᠠᠳᠠᠭᠰᠢ ᠳᠠᠭᠠᠭᠤᠯᠵᠤ ᠶᠠᠪᠤᠬᠤ ᠳᠤ ᠪᠠᠨ ᠭᠠᠵᠠᠷ ᠤᠰᠤᠨ ᠤ ᠨᠡᠷ᠎ᠡ ᠶᠢ ᠴᠡᠭᠡᠵᠢᠯᠡᠭᠦᠯᠳᠡᠭ᠃ ᠲᠡᠭᠡᠬᠦ ᠳᠤ ᠪᠠᠨ ᠲᠡᠷᠨ ᠨᠡᠷ᠎ᠡ ᠶᠢᠨ ᠢᠷᠡᠯ ᠭᠠᠷᠤᠯ᠂ ᠲᠡᠭᠦᠨ ᠲᠠᠢ ᠬᠤᠯᠪᠤᠭᠳᠠᠭᠰᠠᠨ ᠳᠤᠮᠤᠭ ᠬᠠᠭᠤᠴᠢ᠂ ᠥᠪᠡᠷ ᠢᠶᠠᠨ ᠲᠤᠬᠠᠢ ᠶᠢᠨ ᠭᠠᠵᠠᠷ ᠢᠶᠠᠷ ᠶᠠᠪᠤᠵᠤ ᠪᠠᠶᠢᠬᠤ ᠳᠤ ᠲᠣᠬᠢᠶᠠᠯᠳᠤᠭᠰᠠᠨ ᠬᠥᠭ ᠲᠠᠢ ᠶᠠᠪᠤᠳᠠᠯ ᠲᠡᠷᠢᠭᠦᠲᠡᠨ ᠢ ᠰᠣᠨᠢᠨ ᠪᠤᠯᠭᠠᠵᠤ ᠶᠠᠷᠢᠳᠠᠭ ᠪᠣᠯᠬᠤᠷ ᠰᠤᠨᠤᠰᠤᠭᠰᠠᠨ ᠬᠥᠮᠥᠨ ᠲᠡᠷᠨ ᠭᠠᠵᠠᠷ ᠤᠨ ᠨᠡᠷ᠎ᠡ ᠶᠢ ᠳᠠᠬᠢᠵᠤ ᠮᠠᠷᠲᠠᠳᠠᠭ ᠦᠭᠡᠢ ᠶᠤᠮ᠃ ᠲᠡᠷᠨ ᠭᠠᠵᠠᠷ ᠢᠶᠠᠷ ᠣᠯᠠᠨ ᠤᠳᠠᠭ᠎ᠠ ᠶᠠᠪᠤᠪᠠᠯ ᠬᠠᠮᠢᠭ᠎ᠠ ᠨᠢ ᠶᠠᠮᠠᠷ ᠭᠤᠤ ᠰᠤᠵᠢᠭ ᠪᠠᠶᠢᠳᠠᠭ᠂ ᠬᠠᠮᠢᠭ᠎ᠠ ᠨᠢ ᠶᠠᠮᠠᠷ ᠡᠪᠡᠰᠦ ᠤᠷᠭᠤᠮᠠᠯ᠂ ᠠᠩ ᠠᠮᠢᠲᠠᠨ ᠪᠠᠶᠢᠳᠠᠭ ᠢ ᠴᠦ ᠠᠩᠬᠠᠷᠤᠯ ᠳᠤ ᠪᠠᠨ ᠠᠪᠴᠤ ᠲᠤᠭᠲᠠᠭᠠᠳᠠᠭ ᠪᠤᠯᠬᠤᠷ ᠡᠷᠭᠢᠨ ᠲᠤᠭᠤᠷᠢᠨ ᠬᠡᠳᠦᠨ ᠵᠠᠭᠤᠨ ᠭᠠᠵᠠᠷ ᠤᠨ ᠳᠤᠲᠤᠷᠠᠬᠢ ᠭᠠᠵᠠᠷ ᠤᠨ ᠪᠠᠶᠢᠴᠠ ᠶᠢ ᠭᠡᠷ ᠳᠤᠲᠤᠷᠠᠬᠢ ᠲᠠᠯᠪᠢᠯᠭ᠎ᠠ ᠪᠠᠨ ᠰᠢᠬ ᠮᠡᠳᠡᠳᠡᠭ᠃ ᠮᠣᠩᠭᠤᠯᠴᠣᠳ ᠢᠩᠭᠢᠵᠦ ᠯᠡ ᠪᠠᠶᠢᠭᠠᠯᠢ ᠠᠴᠠ ᠬᠠᠮᠤᠭ ᠤᠨ ᠣᠶᠢᠷᠠᠬᠠᠨ ᠪᠠᠶᠢᠵᠤ᠂ ᠪᠠᠶᠢᠭᠠᠯᠢ ᠠᠴᠠ ᠪᠠᠨ᠂ ᠮᠠᠯ ᠠᠴᠠ ᠪᠠᠨ ᠡᠷᠳᠡᠮ ᠤᠬᠠᠭᠠᠨ ᠢᠶᠠᠨ ᠰᠡᠯᠪᠢᠳᠡᠭ ᠭᠠᠶᠢᠬᠠᠯᠳᠠᠢ ᠠᠷᠠᠳ ᠲᠦᠮᠡᠨ ᠪᠢᠯᠨ᠃      ᠭᠤᠷᠪᠠ᠂ ᠮᠥᠷ ᠰᠢᠨᠵᠢᠬᠦ ᠶᠢ ᠰᠤᠷᠭᠠᠳᠠᠭ ᠨᠢ ᠮᠥᠨ ᠴᠦ ᠰᠤᠳᠤᠯᠭᠠᠨ ᠤ ᠠᠷᠭ᠎ᠠ ᠵᠦᠢ ᠶᠢᠨ ᠰᠠᠭᠤᠷᠢ ᠪᠣᠯᠳᠠᠭ ᠃ ᠡᠪᠦᠯ ᠤᠨ ᠴᠠᠰᠤᠨ ᠳᠡᠭᠡᠷᠡᠬᠢ ᠮᠥᠷ ᠢ ᠰᠢᠨᠵᠢᠬᠦ ᠳᠤ ᠬᠠᠷᠢᠴᠠᠩᠭᠤᠢ ᠠᠮᠠᠷ ᠰᠢᠬ ᠪᠣᠯᠪᠠᠴᠤ ᠵᠤᠨ ᠰᠠᠯᠬᠢᠳᠠᠭᠰᠠᠨ ᠠᠳᠤᠭᠤ ᠶᠢ ᠮᠥᠷᠳᠡᠬᠦ ᠳᠤ ᠨᠡᠯᠢᠶᠡᠳ ᠬᠦᠴᠢᠷ ᠪᠠᠶᠢᠳᠠᠭ᠃ ᠶᠠᠭᠤᠨ ᠤ ᠡᠮᠦᠨ᠎ᠡ ᠠᠳᠤᠭᠤ ᠰᠠᠯᠬᠢᠳᠠᠬᠤ ᠦᠶ᠎ᠡ ᠶᠢᠨ ᠪᠠᠶᠢᠷᠢᠰᠢᠯ ᠪᠠ ᠲᠤᠬᠠᠢ ᠶᠢᠨ ᠦᠶ᠎ᠡ ᠶᠢᠨ ᠰᠠᠯᠬᠢᠨ ᠤ ᠴᠢᠭᠯᠡᠯ ᠢ ᠡᠷᠬᠡᠪᠰᠢ ᠴᠡᠭᠡᠵᠢᠯᠡᠭᠰᠡᠨ ᠪᠠᠶᠢᠬᠤ ᠬᠡᠷᠡᠭᠲᠡᠢ᠃ ᠰᠢᠨ᠎ᠡ ᠰᠤᠷᠭᠤᠭ ᠪᠡᠯᠴᠢᠭᠡᠷ ᠢᠶᠠᠷ ᠠᠳᠤᠭᠤᠨ ᠤ ᠮᠥᠷ ᠢ ᠤᠭᠲᠤᠯᠤᠨ ᠬᠠᠶᠢᠵᠤ ᠬᠢᠯᠠᠭᠠᠨ᠎ᠠ᠂ ᠬᠢᠶᠠᠭ᠂ ᠰᠠᠷᠠᠨ᠎ᠠ᠂ ᠬᠤᠩᠭᠤᠷᠴᠠᠭ ᠤᠨ ᠬᠡᠪᠲᠡᠭᠰᠡᠨ ᠴᠢᠭᠯᠡᠯ ᠵᠢᠴᠢ ᠪᠦᠬᠦ᠋ᠢᠭᠰᠡᠨ ᠪᠠᠶᠢᠳᠠᠯ ᠢᠶᠠᠷ ᠠᠳᠤᠭᠤ ᠡᠨᠡᠭᠦᠷ ᠥᠩᠭᠡᠷᠡᠭᠡᠳ ᠬᠡᠳᠦᠢ ᠤᠳᠠᠵᠤ ᠪᠠᠶᠢᠬᠤ ᠶᠢ ᠮᠠᠭᠠᠳᠯᠠᠵᠤ ᠪᠤᠯᠳᠠᠭ᠃ ᠪᠠᠰᠠ ᠮᠣᠷᠢᠨ ᠤ ᠬᠤᠮᠤᠯ ᠤᠨ ᠴᠢᠭᠢᠭ ᠢ ᠰᠢᠨᠵᠢᠯᠡᠵᠦ ᠪᠦᠷᠢᠨ ᠬᠠᠲᠠᠭᠰᠠᠨ᠂ ᠭᠠᠳᠠᠷ ᠥᠩᠭᠡ ᠨᠢ ᠬᠠᠲᠠᠭᠰᠠᠨ᠂ ᠡᠰᠡᠬᠦᠯ᠎ᠡ ᠱᠠᠯ ᠨᠦᠢᠲᠠᠨ ᠪᠠᠶᠢᠭ᠎ᠠ ᠠᠴᠠ ᠠᠳᠤᠭᠤᠨ ᠤ ᠶᠠᠪᠤᠵᠤ ᠥᠩᠭᠡᠷᠡᠭᠰᠡᠨ ᠴᠠᠭ ᠢ ᠨᠡᠯᠢᠶᠡᠳ ᠣᠨᠣᠪᠴᠢᠲᠠᠢ ᠵᠢᠱᠢᠵᠦ ᠪᠤᠯᠳᠠᠭ᠃ ᠡᠳᠡᠭᠡᠷ ᠪᠣᠯᠪᠠᠰᠤᠷᠠᠯ ᠨᠢ ᠤᠴᠢᠷ ᠰᠢᠯᠲᠠᠭᠠᠨ᠂ ᠣᠢ ᠲᠣᠭᠲᠠᠭᠠᠯᠲᠠ ᠵᠡᠷᠭᠡ ᠣᠯᠠᠨ ᠴᠢᠳᠠᠪᠤᠷᠢ ᠲᠠᠢ ᠬᠤᠯᠪᠤᠭᠳᠠᠳᠠᠭ᠃ ᠡᠭᠦᠨ ᠠᠴᠠ ᠭᠠᠳᠠᠨ᠎ᠠ ᠮᠣᠩᠭᠤᠯ ᠠᠷᠠᠳ ᠤᠨ ᠦᠭᠡᠨ ᠳᠤ ︽ᠡᠷᠢᠯ ᠢ ᠰᠤᠷᠠᠭ ᠢᠶᠠᠷ᠂ ᠡᠷᠳᠡᠮ ᠢ ᠬᠢᠴᠢᠶᠡᠯ ᠢᠶᠠᠷ︾ ᠭᠡᠳᠡᠭ ᠦᠭᠡ ᠪᠤᠢ᠃ ᠵᠠᠮ ᠳᠤ ᠲᠠᠭᠠᠷᠠᠯᠳᠤᠭᠰᠠᠨ ᠠᠶᠢᠯ ᠠᠮᠢᠲᠠᠨ ᠠᠴᠠ ᠠᠰᠠᠭᠤᠵᠤ ᠰᠤᠷᠠᠭᠯᠠᠬᠤ ᠨᠢ ᠡᠷᠢᠯ ᠤᠨ ᠰᠤᠷᠠᠭ ᠢ ᠭᠠᠷᠭᠠᠬᠤ ᠳᠤ ᠴᠠᠭ ᠢ ᠶᠡᠭᠡ ᠠᠷᠪᠢᠯᠠᠳᠠᠭ᠃ ᠭᠡᠬᠦ ᠳᠤ ᠪᠠᠨ ᠰᠤᠷᠠᠭ ᠲᠠᠯᠪᠢᠬᠤ ᠶᠠᠪᠤᠴᠠ ᠨᠢ ᠳᠠᠷᠤᠢ ᠵᠠᠯᠠᠭᠤ ᠪᠠᠭᠠᠴᠤᠳ ᠤᠨ ᠬᠠᠷᠢᠯᠴᠠᠭᠠᠨ ᠤ ᠴᠢᠳᠠᠪᠤᠷᠢ ᠶᠢ ᠠᠬᠢᠭᠤᠯᠬᠤ ᠦᠢᠯᠡᠳᠥᠯ ᠲᠠᠢ᠃     ᠳᠥᠷᠪᠡ᠂ 17~18 ᠬᠦᠷᠦᠭᠰᠡᠨ ᠬᠡᠦᠬᠡᠳ ᠢ ᠵᠤᠨ ᠨᠠᠮᠤᠷ ᠤᠨ ᠳᠤᠯᠠᠭᠠᠨ ᠴᠠᠭ ᠲᠤ ᠰᠢᠯᠢ ᠳᠤ ᠠᠳᠤᠭᠤ ᠮᠠᠨᠠᠬᠤ ᠠᠵᠢᠯ ᠬᠢᠯᠭᠡᠳᠡᠭ᠃ ᠡᠬᠢᠯᠡᠭᠡᠳ ᠰᠠᠷᠠ ᠲᠠᠢ ᠰᠥᠨᠢ ᠬᠠᠨᠢ ᠲᠠᠢ ᠬᠠᠭᠠᠰ ᠰᠥᠨᠢ ᠪᠠᠷ ᠮᠠᠨᠠᠭᠤᠯᠵᠤ ᠪᠠᠶᠢᠭᠠᠳ ᠳᠠᠷᠠᠭ᠎ᠠ ᠨᠢ ᠰᠠᠷᠨ ᠦᠭᠡᠢ ᠰᠥᠨᠢ᠂ ᠪᠦᠷᠬᠦᠭ ᠰᠥᠨᠢ᠂ ᠪᠤᠷᠤᠭᠠᠨ ᠲᠠᠢ ᠰᠥᠨᠢ ᠪᠦᠬᠦᠯᠢ ᠰᠥᠨᠢ ᠪᠠᠷ ᠭᠠᠭᠴᠠᠭᠠᠷ ᠨᠢ ᠮᠠᠨᠠᠭᠤᠯᠵᠤ ᠵᠤᠷᠢᠭ ᠰᠥᠰᠥ ᠶᠢ ᠨᠢ ᠳᠠᠪᠲᠠᠳᠠᠭ᠃ ᠴᠠᠬᠢᠯᠭᠠᠨ ᠴᠠᠬᠢᠯᠵᠤ ᠠᠶᠤᠩᠭ᠎ᠠ ᠨᠢᠵᠢᠭᠢᠨᠡᠭᠰᠡᠨ ᠰᠢᠷᠦᠭᠦᠨ ᠪᠤᠷᠤᠭᠠᠨ ᠲᠠᠢ ᠰᠥᠨᠢ ᠴᠦ ᠭᠡᠰᠡᠨ ᠮᠠᠨᠠᠭᠠᠨ ᠳᠤ ᠬᠡᠦᠬᠡᠳ ᠢᠶᠠᠨ ᠵᠠᠪᠠᠯ ᠳᠠᠭᠠᠭᠤᠯᠵᠤ ᠶᠠᠪᠤᠳᠠᠭ᠃ ᠮᠥᠨ ᠡᠮᠨᠢᠭ ᠲᠤᠭᠰᠢᠨ ᠤᠨᠤᠭᠤᠯᠬᠤ᠂ ᠠᠩ ᠭᠦᠷᠦᠭᠡᠨ ᠳᠤ ᠳᠠᠭᠠᠭᠤᠯᠵᠤ ᠶᠠᠪᠤᠬᠤ᠂ ᠠᠶᠠᠨ ᠵᠢᠩ ᠳᠤ ᠳᠠᠭᠠᠭᠤᠯᠵᠤ ᠶᠠᠪᠤᠬᠤ ᠨᠢ ᠪᠦᠷ ᠯᠡ ᠬᠡᠦᠬᠡᠳ ᠵᠠᠯᠠᠭᠤᠴᠣᠳ ᠤᠨ ᠰᠥᠰᠥ ᠵᠤᠷᠢᠭ ᠢ ᠴᠢᠩᠭᠠᠯᠠᠳᠠᠭ ᠦᠢᠯᠡᠳᠦᠯ ᠲᠠᠢ᠃ 
 
ᠢᠷᠡᠯᠲᠡ᠄ ᠵᠢᠨᠢᠡᠭ ᠲᠤᠭᠤᠷᠢᠭ ᠤᠨ ᠵᠠᠰᠠᠭ ᠤᠨ ᠤᠷᠳᠤᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2