ᠡᠳᠦᠷ ᠪᠤᠯᠭᠠᠨ ᠥᠨᠳᠡᠭᠡ ᠢᠳᠡᠬᠦ ᠨᠢ ᠪᠡᠶ᠎ᠡ ᠳᠤ ᠲᠤᠰᠠᠲᠠᠢ ᠤᠤ︖
ᠨᠡᠶᠢᠲᠡᠯᠡᠭᠰᠡᠨ ᠴᠠᠭ᠄
2023/9/5
    ᠡᠳᠦᠷ ᠪᠣᠯᠭᠠᠨ ᠨᠢᠭᠡ ᠥᠨᠳᠡᠭᠡ ᠢᠳᠡᠪᠡᠯ ᠬᠥᠮᠥᠨ ᠤ ᠪᠡᠶ᠎ᠡ ᠳᠤ ᠶᠠᠮᠠᠷ ᠬᠤᠪᠢᠷᠠᠯᠲᠠ ᠭᠠᠷᠳᠠᠭ ᠪᠣᠯ︖                             1. ᠴᠢᠰᠤᠨ ᠤ ᠥᠭᠡᠬᠦ ᠶᠢ ᠲᠣᠬᠢᠷᠠᠭᠤᠯᠤᠨ᠂ ᠵᠢᠷᠦᠬᠡᠨ ᠤ ᠴᠢᠰᠤᠨ ᠰᠤᠳᠠᠯ ᠤᠨ  ᠡᠪᠡᠳᠴᠢᠨ  ᠡᠭᠦᠰᠬᠦ  ᠨᠣᠷᠮ᠎ᠠ ᠶᠢ ᠳᠣᠷᠣᠭᠰᠢᠯᠠᠭᠤᠯᠤᠨ᠎ᠠ᠃ ᠲᠠᠬᠢᠶᠠᠨ ᠥᠨᠳᠡᠭᠡᠨ ᠤ ᠳᠣᠲᠣᠷᠠᠬᠢ ᠥᠨᠳᠡᠭᠡᠨ ᠹᠣᠰᠹᠣᠷᠲᠤ ᠥᠭᠡᠬᠦ ᠨᠢ ᠥᠭᠡᠬᠦ ᠶᠢᠨ  ᠰᠢᠩᠭᠡᠭᠡᠯᠲᠡ᠂ ᠰᠣᠯᠢᠯᠴᠠᠭ᠎ᠠ ᠶᠢ ᠵᠣᠬᠢᠴᠠᠭᠤᠯᠬᠤ ᠦᠢᠯᠡᠳᠦᠯ ᠲᠠᠢ ᠪᠣᠯᠬᠤᠷ ᠡᠳᠦᠷ ᠪᠦᠷᠢ ᠨᠢᠭᠡ ᠲᠠᠬᠢᠶᠠᠨ ᠥᠨᠳᠡᠭᠡ ᠢᠳᠡᠬᠦ ᠨᠢ  ᠦᠨᠡᠨ ᠳᠡᠭᠡᠨ ᠨᠡᠯᠢᠶᠡᠳ ᠠᠷᠪᠢᠨ ᠬᠠᠨᠤᠮᠠᠯ ᠥᠭᠡᠬᠦ ᠲᠠᠢ ᠤᠯᠠᠭᠠᠨ  ᠮᠢᠬᠠᠨ ᠤ  ᠲᠥᠷᠥᠯ ᠢ  ᠢᠳᠡᠬᠦ ᠠᠴᠠ  ᠢᠯᠡᠭᠦᠦ  ᠵᠢᠷᠦᠬᠡᠨ ᠎ ᠤ  ᠴᠢᠰᠤᠨ‌‍ᠰᠤᠳᠠᠯ ᠤᠨ ᠡᠷᠡᠭᠦᠯ ᠮᠡᠨᠳᠦ ᠳᠤ ᠲᠤᠩ ᠠᠰᠢᠭᠲᠠᠢ ᠪᠠᠶᠢᠳᠠᠭ᠃                             2. ᠦᠯ ᠳᠠᠭᠠᠭᠠᠵᠦ᠂ ᠪᠡᠶ᠎ᠡ ᠶᠢᠨ  ᠬᠦᠨᠳᠦ ᠎ ᠶᠢ  ᠬᠢᠵᠠᠭᠠᠷᠯᠠᠬᠤ ᠳᠤ  ᠲᠤᠰᠠᠯᠠᠨ᠎ᠠ᠃  ᠲᠠᠬᠢᠶᠠᠨ ᠤ  ᠥᠨᠳᠡᠭᠡᠨ ᠳ᠋ᠦ‌ᠠᠰᠢᠭᠯᠠᠯᠲᠠ ᠶᠢᠨ ᠨᠣᠷᠮ᠎ᠠ ᠪᠠᠷ ᠲᠤᠶᠢᠯ ᠤᠨ ᠥᠨᠳᠥᠷ ᠴᠢᠨᠠᠷ ᠰᠠᠶᠢᠲᠠᠢ ᠤᠭᠤᠷᠠᠭ ᠠᠭᠤᠯᠤᠭᠳᠠᠵᠤ  ᠪᠠᠶᠢᠳᠠᠭ᠃  ᠤᠭᠤᠷᠠᠭ ‍ᠤᠨ‌‍ᠰᠢᠩᠭᠡᠭᠡᠯᠲᠡ ᠶᠢᠨ ᠬᠤᠷᠳᠤᠴᠠ ᠨᠢ ᠨᠡᠭᠦᠷᠡᠰᠦ ᠤᠰᠤᠨ ᠤ ᠨᠢᠭᠡᠳᠪᠦᠷᠢ ᠠᠴᠠ  ᠬᠤᠯᠠ  ᠳᠣᠣᠷ᠎ᠠ  ᠪᠠᠶᠢᠳᠠᠭ ᠠᠴᠠ  ᠢᠳᠡᠭᠰᠡᠨ ‍ᠦ‌‍ᠲ᠋ᠠᠷᠠᠭ᠎ᠠ ᠴᠠᠳᠬᠤᠯᠠᠩ ᠪᠠᠶᠢᠳᠠᠯ ᠲᠠᠢ ᠪᠠᠶᠢᠯᠭᠠᠳᠠᠭ ᠠᠴᠠ ᠢᠳᠡᠭᠡᠨ ᠤ ᠳᠤᠷᠠᠰᠢᠯ ᠢ ᠬᠤᠷᠢᠭᠯᠠᠳᠠᠭ᠃                             3. ᠨᠢᠳᠦ ᠬᠤᠷᠴᠠ᠂ ᠲᠠᠷᠢᠬᠢ ᠲᠣᠯᠣᠭᠠᠢ ᠰᠡᠷᠭᠡᠭ ᠪᠣᠯᠳᠠᠭ᠃ ᠲᠠᠬᠢᠶᠠᠨ ᠤ ᠥᠨᠳᠡᠭᠡᠨ ᠳᠠᠬᠢ  ᠸᠢᠲ᠋ᠠᠮᠢᠨ  A  ᠵᠢᠨ‌ᠠᠭᠤᠯᠤᠭᠳᠠᠴᠠ ᠮᠠᠰᠢ ᠥᠨᠳᠥᠷ᠂ ᠡᠳᠦᠷ ᠲᠤᠲᠤᠮ ᠤᠨ ᠢᠳᠡᠭᠡᠨ ᠤ ᠳᠣᠲᠣᠷᠠᠬᠢ ᠸᠢᠲ᠋ᠠᠮᠢᠨ A᠎ ᠶᠢᠨ ᠢᠷᠡᠯᠲᠡ ᠨᠢ ᠮᠠᠰᠢ ᠰᠠᠶᠢᠨ‌‍ᠪᠠᠶᠢᠳᠠᠭ᠃ ᠸᠢᠲ᠋ᠠᠮᠢᠨ  A᠎ ᠶᠢᠨ  ᠠᠭᠤᠯᠤᠭᠳᠠᠴᠠ ᠪᠠᠷ  ᠲᠤᠶᠢᠯ ᠤᠨ  ᠥᠨᠳᠥᠷ  ᠠᠮᠢᠲᠠᠨ ᠤ  ᠡᠯᠢᠭᠡ ᠲᠠᠢ  ᠬᠠᠷᠢᠴᠠᠭᠤᠯᠪᠠᠯ᠂ᠲᠠᠬᠢᠶᠠᠨ ᠤ ᠥᠨᠳᠡᠭᠡ ᠶᠢᠨ ᠳᠠᠪᠠᠭᠤᠯᠢᠭ ᠲᠠᠯ᠎ᠠ ᠨᠢ ᠡᠯᠢᠭᠡ ᠰᠢᠭ ᠲᠡᠶᠢᠮᠦ ᠠᠮᠠᠷᠬᠠᠨ  ᠬᠡᠮᠵᠢᠶ᠎ᠡ ᠠᠴᠠ  ᠬᠡᠲᠦᠷᠡᠲᠡᠯ᠎ᠡ  ᠰᠢᠩᠭᠡᠳᠡᠭ‌ᠦᠭᠡᠢ᠃ ᠥᠨᠳᠡᠭᠡᠨ ᠹᠣᠰᠹᠣᠷᠲᠤ ᠥᠭᠡᠬᠦ ᠪᠣᠯ ᠲᠠᠬᠢᠶᠠᠨ ᠤ ᠥᠨᠳᠡᠭᠡᠨ ᠤ ᠳᠣᠲᠣᠷᠠᠬᠢ  ᠣᠨᠴᠠ  ᠪᠠᠶᠢᠳᠠᠭ  ᠨᠢᠭᠡ  ᠵᠦᠢᠯ ‍ᠦᠨ‌‍ᠰᠢᠮ᠎ᠡ ᠲᠡᠵᠢᠭᠡᠯ ᠤᠨ ᠡᠳ᠋ ᠪᠠᠶᠢᠵᠤ᠂ ᠶᠡᠭᠡ ᠲᠠᠷᠢᠬᠢᠨ ᠤ ᠮᠡᠳᠡᠷᠡᠯ ᠤᠨ ᠡᠰ ᠲᠤ ᠰᠢᠮ᠎ᠡ ᠲᠡᠵᠢᠭᠡᠯ  ᠬᠠᠩᠭᠠᠳᠠᠭ᠃  ᠡᠳᠦᠷ  ᠪᠦᠷᠢ‌ᠨᠢᠭᠡ ᠲᠠᠬᠢᠶᠠᠨ ᠤ ᠥᠨᠳᠡᠭᠡ ᠢᠳᠡᠬᠦ ᠨᠢ ᠴᠡᠭᠡᠵᠢᠯᠡᠬᠦ  ᠴᠢᠳᠠᠪᠤᠷᠢ  ᠮᠠᠭᠤᠳᠠᠬᠤ ᠎ ᠠᠴᠠ  ᠰᠡᠷᠭᠡᠶᠢᠯᠡᠵᠦ᠂  ᠲᠠᠨᠢᠨ  ᠮᠡᠳᠡᠬᠦᠢ ᠵᠢᠨ‌‍ᠴᠢᠳᠠᠪᠤᠷᠢ ᠮᠠᠭᠤᠳᠠᠬᠤ ᠶᠢ ᠰᠡᠷᠭᠡᠶᠢᠯᠡᠬᠦ ᠳᠤ ᠵᠣᠬᠢᠬᠤ ᠬᠡᠮᠵᠢᠶᠡᠨ ᠤ ᠠᠴᠢ ᠲᠤᠰᠠ ᠲᠠᠢ ᠶᠤᠮ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2