ᠡᠮᠡᠭᠲᠡᠶᠢᠴᠦᠳ ᠰᠢᠬᠢᠷ ᠲᠠᠢ ᠤᠮᠳᠠᠭᠠᠨ ᠤᠤᠭᠤᠪᠠᠯ ᠦᠮᠡᠨ ᠣᠯᠬᠤ ᠡᠷᠡᠰᠳᠡᠯ ᠨᠢ ᠥᠨᠳᠥᠷ
ᠨᠡᠶᠢᠲᠡᠯᠡᠭᠰᠡᠨ ᠴᠠᠭ᠄
2023/8/16
   ᠣᠶᠢᠷ᠎ᠠ ᠳᠤ ︽ᠠᠮᠧᠷᠢᠺᠠ ᠶᠢᠨ ᠠᠨᠠᠭᠠᠬᠤ ᠤᠬᠠᠭᠠᠨ ᠤ ᠨᠡᠶᠢᠭᠡᠮᠯᠢᠭ ᠤᠨ ᠰᠡᠳᠬᠦᠯ︾ ᠳᠡᠭᠡᠷ᠎ᠡ ᠨᠡᠶᠢᠲᠡᠯᠡᠭᠳᠡᠭᠰᠡᠨ ᠨᠢᠭᠡᠨ‌‍ᠰᠤᠳᠤᠯᠭᠠᠨ ᠤ ᠳ᠋ᠦᠩ ᠠᠴᠠ ᠦᠵᠡᠪᠡᠯ᠂ ᠰᠢᠬᠢᠷ ᠲᠠᠢ ᠤᠮᠳᠠᠭᠠᠨ ᠢ ᠪᠠᠭ᠎ᠠ ᠤᠤᠭᠤᠳᠠᠭ ᠡᠮᠡᠭᠲᠡᠢ ᠲᠠᠢ ᠬᠠᠷᠢᠴᠠᠭᠤᠯᠪᠠᠯ᠂  ᠡᠳᠦᠷ‌‍ᠪᠦ᠋ᠷᠢ ᠰᠢᠬᠢᠷ ᠲᠠᠢ ᠤᠮᠳᠠᠭᠠᠨ ᠢ ᠤᠤᠭᠤᠳᠠᠭ ᠡᠮᠡᠭᠲᠡᠢ ᠶᠢᠨ  ᠡᠯᠢᠭᠡᠨ ᠤ  ᠥᠮᠡᠨ ᠳᠤ  ᠨᠡᠷᠪᠡᠭᠳᠡᠬᠦ  ᠪᠠ  ᠤᠳᠠᠭᠠᠨ  ᠴᠢᠨᠠᠷᠲᠠᠢ‌ᠡᠯᠢᠭᠡᠨ ᠤ ᠡᠪᠡᠳᠴᠢᠨ ᠣᠯᠬᠤ ᠪᠣᠯᠣᠮᠵᠢ ᠨᠢ ᠨᠠᠩ ᠶᠡᠭᠡ ᠪᠠᠶᠢᠵᠤ ᠮᠡᠳᠡᠨ᠎ᠡ ᠬᠡᠵᠠᠢ᠃                                    ᠡᠨᠡ ᠬᠦ ᠰᠤᠳᠤᠯᠭᠠᠨ ᠳᠤ ᠬᠠᠮᠤᠷᠤᠭᠳᠠᠭᠰᠠᠨ ᠡᠲᠡᠭᠡᠳ ᠨᠢ 50 ᠨᠠᠰᠤᠨ ᠠᠴᠠ  79  ᠨᠠᠰᠤᠨ ᠤ  ᠬᠤᠭᠤᠷᠣᠨᠳᠣᠬᠢ‌‍ᠰᠠᠷ᠎ᠠ ᠶᠢᠨ ᠭᠬᠢᠷ ᠠᠷᠢᠯᠤᠭᠰᠠᠨ ᠤ ᠳᠠᠷᠠᠭᠠᠬᠢ 10 ᠲᠦᠮᠡ ᠰᠢᠬᠠᠮ ᠡᠮᠡᠭᠲᠡᠢ ᠶᠤᠮ ᠪᠠᠶᠢᠨ᠎ᠠ᠃ ᠰᠢᠬᠢᠷ ᠲᠠᠢ ᠤᠮᠳᠠᠭᠠᠨ ᠢ  ᠰᠠᠷ᠎ᠠ ᠪᠦᠷᠢ ᠭᠤᠷᠪᠠᠨ ᠴᠣᠮᠣ ᠴᠦ ᠤᠤᠭᠤᠳᠠᠭ ᠦᠭᠡᠢ ᠡᠮᠡᠭᠲᠡᠢ ᠲᠠᠢ ᠠᠳᠠᠯᠢᠳᠬᠠᠪᠠᠯ᠂ ᠡᠳᠦᠷ ᠪᠦᠷᠢ ᠨᠢᠭᠡ ᠴᠣᠮᠣ ᠪᠤᠶᠤ ᠨᠠᠩ  ᠣᠯᠠᠨ‌‍ᠰᠢᠬᠢᠷ ᠲᠠᠢ ᠤᠮᠳᠠᠭᠠᠨ ᠤᠤᠭᠤᠳᠠᠭ ᠡᠮᠡᠭᠲᠡᠢ ᠶᠢᠨ ᠡᠯᠢᠭᠡᠨ ᠤ ᠥᠮᠡᠨ ᠳᠤ ᠨᠡᠷᠪᠡᠭᠳᠡᠬᠦ ᠲᠦᠭᠰᠢᠭᠦᠷᠢ ᠨᠢ 85%᠎ ᠪᠠᠷ  ᠥᠨᠳᠥᠷ‌‍ᠪᠠᠶᠢᠵᠤ᠂ ᠤᠳᠠᠭᠠᠨ ᠴᠢᠨᠠᠷᠲᠠᠢ ᠡᠯᠢᠭᠡᠨ ᠤ ᠡᠪᠡᠳᠴᠢᠨ ᠢᠶᠠᠷ ᠦᠬᠦᠬᠦ ᠠᠶᠤᠯ ᠲᠦᠭᠰᠢᠭᠦᠷᠢ ᠨᠢ 68%᠎ ᠪᠠᠷ ᠥᠨᠳᠥᠷ  ᠪᠠᠶᠢᠳᠠᠭ‌‍ᠶᠤᠮ ᠪᠠᠶᠢᠨ᠎ᠠ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2