| ᠬᠠᠪᠤᠷ ᠪᠤᠯᠵᠦ ᠬᠠᠮᠤᠭ ᠪᠤᠳᠠᠰ ᠠᠮᠢᠯᠠᠨ ᠰᠡᠷᠭᠦᠵᠦ᠂ ᠤᠮᠠᠷᠠᠳᠤ ᠤᠷᠤᠨ ᠵᠠᠯᠭᠠᠪᠡᠷ ᠴᠡᠴᠡᠭ ᠤᠨ ᠲᠤᠭᠤᠰᠤ | ᠲᠡᠭᠳᠡᠬᠦᠤᠷᠬᠢᠯ ᠦᠶ᠎ᠡ ᠳᠤ ᠤᠷᠤᠬᠤ ᠶᠢ ᠲᠠᠭᠠᠯᠳᠤᠨ ᠤᠳᠤ ᠮᠠᠰᠢ ᠤᠯᠠᠨ ᠬᠦᠮᠦᠨ ᠬᠠᠷᠰᠢᠬᠤ ᠢᠯᠡᠷᠡᠯ ᠭᠠᠷᠴᠤ | ᠪᠠᠶᠢᠨ᠎ᠠ᠃ | ᠲᠡᠭᠡᠪᠡᠯ ᠶᠠᠮᠠᠷ ᠶᠠᠮᠠᠷ ᠴᠡᠴᠡᠭ ᠤᠨ ᠲᠤᠭᠤᠰᠤ ᠨᠢ ᠬᠦᠮᠦᠰ ᠲᠤ ᠬᠠᠷᠰᠢᠯ ᠡᠭᠦᠰᠭᠡᠳᠡᠭ ᠪᠤᠢ︖ | ᠴᠡᠴᠡᠭ ᠣᠨᠲ᠋ᠤᠭᠤᠰᠤ ᠡᠴᠠᠬᠠᠷᠰᠢᠬᠤ ᠶᠢ ᠬᠡᠷᠭᠢᠨ ᠰᠡᠷᠭᠡᠶᠢᠯᠡᠨ ᠵᠠᠰᠠᠬᠤ ᠪᠤᠢ︖ ᠦᠨᠡᠨ ᠳᠡᠭᠡᠨ | ᠬᠦᠮᠦᠨ ᠤ ᠪᠡᠶ᠎ᠡ ᠳᠤ ᠬᠠᠷᠰᠢᠯ ᠡᠭᠦᠰᠭᠡᠳᠡᠭ ᠴᠡᠴᠡᠭ ᠤᠨ ᠲᠤᠭᠤᠰᠤ ᠨᠢ ᠲᠡᠳᠡᠭᠡᠷ ᠦᠩᠭᠡᠢᠯᠭᠠᠷᠠᠬᠰᠠᠨ | ᠭᠤᠶᠤ ᠴᠡᠴᠡᠭ ᠬᠤᠸᠠᠷ ᠪᠢᠰᠢ᠂ ᠬᠠᠷᠢᠨ ᠴᠡᠴᠡᠭ ᠲᠡᠯᠭᠡᠷᠡᠳᠡᠭ ᠦᠭᠡᠢ ᠮᠤᠳᠤ ᠪᠤᠶᠤ ᠡᠪᠡᠰᠦ ᠤᠷᠭᠤᠮᠠᠯ | ᠪᠤᠯᠬᠤᠶᠤᠮ᠃ ᠰᠢᠯᠢᠮᠳᠡᠭ᠂ ᠲᠤᠭᠤᠷ᠂ ᠠᠯᠢᠮ᠎ᠠ ᠵᠡᠷᠭᠡ ᠶᠢᠨ ᠴᠡᠴᠡᠭ ᠤᠨ ᠲᠤᠭᠤᠰᠤ ᠨᠢ ᠡᠷᠪᠡᠬᠡᠢ ᠪᠤᠶᠤ ᠵᠦᠬᠡᠢ | ᠵᠡᠷᠭᠡ ᠬᠤᠷᠤᠬᠠᠢᠰᠢᠪᠡᠵᠢ ᠪᠠᠷ ᠲᠠᠮᠵᠢᠨ ᠲᠠᠷᠬᠠᠳᠠᠭ ᠪᠦᠭᠡᠳ ᠲᠤᠭᠤᠰᠤ ᠶᠢᠨ ᠮᠦᠭᠦᠯᠢᠭ ᠨᠢ ᠶᠡᠭᠡ᠂ ᠬᠡᠮᠵᠢᠶ᠎ᠡ ᠨᠢ | ᠪᠠᠭ᠎ᠠ ᠪᠤᠯᠬᠤᠷ ᠲᠡᠶᠢᠮᠦᠬᠢᠯᠪᠠᠷᠬᠠᠨ ᠲᠠᠷᠬᠠᠳᠠᠭ ᠦᠭᠡᠢ᠂ ᠡᠶᠢᠮᠦ ᠠᠴᠠ ᠬᠦᠮᠦᠰ ᠲᠤ ᠬᠢᠯᠪᠠᠷᠬᠠᠨ ᠬᠠᠷᠰᠢᠯ | ᠡᠭᠦᠰᠭᠡᠳᠡᠭ ᠦᠭᠡᠢ ᠶᠤᠮ᠃ ᠬᠠᠷᠢᠨ ᠤᠳᠠᠤᠯᠢᠶᠠᠰᠤ ᠬᠤᠰᠤ ᠮᠠᠶᠢᠯᠠᠰᠦ ᠵᠡᠷᠭᠡ ᠮᠤᠳᠤᠨ ᠤ ᠴᠡᠴᠡᠭ ᠨᠢ ᠵᠢᠵᠢᠭ᠂ | ᠲᠤᠭᠤᠰᠤᠨ ᠤ ᠠᠭᠤᠯᠠᠬᠳᠠᠴᠠ ᠨᠢ ᠦᠨᠳᠦᠷ ᠪᠦᠭᠡᠳᠭᠦ᠋ᠩᠬᠡᠨ ᠪᠤᠯᠬᠤᠷ ᠰᠠᠯᠬᠢᠨ ᠤ ᠠᠶ᠎ᠠ ᠪᠠᠷ ᠮᠠᠰᠢ ᠬᠤᠯᠠ | ᠭᠠᠵᠠᠷ ᠬᠡᠶᠢᠰᠴᠦ ᠲᠠᠷᠬᠠᠳᠠᠭ᠂ ᠡᠶᠢᠮᠦ ᠠᠴᠠ ᠬᠦᠮᠦᠰ ᠲᠤ ᠤᠯᠠᠨᠵᠦ᠋ᠢᠯ ᠤᠨ ᠬᠠᠷᠰᠢᠯ ᠡᠭᠦᠰᠭᠡᠳᠡᠭ ᠶᠤᠮ | ᠪᠠᠶᠢᠨ᠎ᠠ᠃ | ᠴᠡᠴᠡᠭ ᠤᠨ ᠲᠤᠭᠤᠰᠤᠨ ᠳᠤ ᠬᠠᠷᠰᠢᠪᠠᠯ ᠵᠠᠷᠢᠮ ᠬᠦᠮᠦᠨ ᠤ ᠨᠢᠳᠤ ᠬᠠᠮᠠᠷ ᠵᠠᠭᠠᠲᠤᠨᠠᠬᠤ ᠪᠤᠶᠤ ᠬᠠᠪᠤᠳᠴᠦ | ᠤᠯᠠᠶᠢᠬᠤ᠂ᠬᠠᠮᠠᠷ ᠪᠦᠭᠯᠡᠷᠡᠬᠦ᠂ ᠨᠢᠰᠤ ᠭᠤᠭᠤᠵᠢᠬᠤ᠂ ᠨᠠᠶᠢᠲᠠᠭᠠᠬᠤ ᠵᠡᠷᠭᠡ ᠢᠯᠡᠷᠡᠯ ᠭᠠᠷᠳᠠᠭ᠂ ᠪᠠᠰᠠ ᠠᠷᠠᠰᠤ | ᠬᠦᠷᠦᠰᠦᠨ ᠳᠤ ᠪᠢᠵᠢᠷᠡᠥ ᠭᠠᠷᠴᠦ ᠵᠠᠭᠠᠲᠤᠨᠠᠳᠠᠭ᠂ ᠨᠡᠩ ᠬᠡᠴᠡᠭᠦᠦ ᠨᠢ ᠵᠠᠷᠢᠮ ᠬᠦᠮᠦᠨ ᠤ ᠠᠮᠢᠰᠬᠤᠯ ᠨᠢ | ᠴᠢᠬᠤᠯᠳᠠᠬᠤ ᠪᠤᠶᠤ ᠲᠦᠷᠭᠡᠨ ᠴᠢᠨᠠᠷ ᠲᠠᠢᠠᠭᠰᠠᠭᠠ ᠪᠣᠯᠳᠠᠭ᠃ | ᠠᠮᠠᠷᠬᠠᠨ ᠬᠠᠷᠰᠢᠳᠠᠭ ᠬᠦᠮᠦᠰ ᠴᠡᠴᠡᠭ ᠤᠨ ᠲᠤᠭᠤᠰᠤ ᠶᠡᠬᠡᠳᠡᠢ ᠴᠡᠴᠡᠷᠯᠢᠭ ᠪᠤᠶᠤ ᠭᠡᠭᠡᠷ᠎ᠡ ᠭᠠᠳᠠᠨ᠎ᠠ | ᠠᠯᠢᠴᠢᠳᠠᠬᠤ ᠪᠠᠷ ᠣᠴᠢᠬᠤ ᠦᠭᠡᠢ ᠪᠠᠶᠢᠵᠤ᠂ ᠭᠡᠷ ᠲᠤᠳᠤᠷ᠎ᠠ ᠪᠠᠨ ᠬᠦᠳᠡᠯᠭᠡᠭᠡᠨ ᠬᠢᠪᠡᠯ ᠵᠤᠬᠢᠨ᠎ᠠ᠃ ᠭᠠᠳᠠᠨ᠎ᠠ | ᠭᠠᠷᠬᠤ ᠳ᠋ᠠᠭᠠᠨᠠᠮᠠᠪᠴᠢ᠂ ᠨᠢᠭᠤᠷ ᠤᠨ ᠪᠦᠲᠡᠭᠡᠯᠭᠡ᠂ ᠨᠢᠳᠤᠨ ᠰᠢᠯ ᠵᠡᠷᠭᠡ ᠶᠢ ᠵᠡᠭᠦᠵᠦ᠂ ᠭᠡᠷ ᠲᠡᠭᠡᠨ ᠬᠠᠷᠢᠬᠰᠠᠨ ᠤ | ᠲᠠᠷᠠᠭ᠎ᠠ ᠬᠠᠮᠠᠷ ᠠᠮᠠ᠂ᠨᠢᠭᠤᠷ ᠴᠢᠷᠠᠢ ᠪᠤᠯᠤᠨ ᠬᠤᠪᠴᠠᠰᠤ ᠬᠤᠨᠠᠷ ᠢᠶᠠᠨ ᠤᠬᠢᠶᠠᠵᠦ ᠠᠷᠢᠭᠤᠳᠬᠠᠬᠤ | ᠴᠢᠬᠤᠯᠠᠳᠠᠢ᠃ ᠡᠭᠦᠨ ᠤ ᠬᠠᠮᠳᠤ ᠪᠠᠰᠠᠬᠠᠷᠰᠢᠯ ᠠᠴᠠ ᠰᠡᠷᠭᠡᠶᠢᠯᠡᠬᠦ ᠬᠠᠮᠢᠶᠠᠳᠠᠢ ᠡᠮ ᠲᠠᠩ ᠢ ᠤᠷᠢᠳᠴᠢᠯᠠᠨ | ᠭᠡᠷᠡᠭᠯᠡᠵᠦ᠂ ᠡᠪᠡᠳᠴᠢᠨ ᠬᠦᠨᠳᠦᠷᠪᠡᠯ ᠲᠠᠷᠤᠶᠢᠬᠠᠨᠡᠮᠨᠡᠯᠬᠡ ᠳᠤ ᠬᠦᠷᠴᠦ ᠡᠮᠨᠡᠭᠦᠯᠬᠦ ᠴᠢᠬᠤᠯᠠᠳᠠᠢ᠃ | |