ᠴᠡᠴᠡᠭ ᠤᠨ ᠲᠤᠭᠤᠰᠤᠨ ᠳᠤ ᠬᠠᠷᠰᠢᠬᠤ ᠠᠴᠠ ᠬᠡᠷᠭᠢᠨ ᠰᠡᠷᠭᠡᠶᠢᠯᠡᠬᠦ ᠪᠤᠢ︖
ᠨᠡᠶᠢᠲᠡᠯᠡᠭᠰᠡᠨ ᠴᠠᠭ᠄
2023/3/23
      ᠬᠠᠪᠤᠷ ᠪᠤᠯᠵᠦ ᠬᠠᠮᠤᠭ ᠪᠤᠳᠠᠰ ᠠᠮᠢᠯᠠᠨ ᠰᠡᠷᠭᠦᠵᠦ᠂ ᠤᠮᠠᠷᠠᠳᠤ ᠤᠷᠤᠨ ᠵᠠᠯᠭᠠᠪᠡᠷ ᠴᠡᠴᠡᠭ ᠤᠨ  ᠲᠤᠭᠤᠰᠤ  ᠲᠡᠭᠳᠡᠬᠦ ᠤᠷᠬᠢᠯ ᠦᠶ᠎ᠡ ᠳᠤ ᠤᠷᠤᠬᠤ ᠶᠢ ᠲᠠᠭᠠᠯᠳᠤᠨ ᠤᠳᠤ ᠮᠠᠰᠢ ᠤᠯᠠᠨ ᠬᠦᠮᠦᠨ ᠬᠠᠷᠰᠢᠬᠤ ᠢᠯᠡᠷᠡᠯ ᠭᠠᠷᠴᠤ ᠪᠠᠶᠢᠨ᠎ᠠ᠃                     ᠲᠡᠭᠡᠪᠡᠯ ᠶᠠᠮᠠᠷ  ᠶᠠᠮᠠᠷ  ᠴᠡᠴᠡᠭ ᠤᠨ  ᠲᠤᠭᠤᠰᠤ ᠎ ᠨᠢ  ᠬᠦᠮᠦᠰ ᠲᠤ  ᠬᠠᠷᠰᠢᠯ  ᠡᠭᠦᠰᠭᠡᠳᠡᠭ  ᠪᠤᠢ︖  ᠴᠡᠴᠡᠭ ‍ᠣᠨ‌‍ᠲ᠋ᠤᠭᠤᠰᠤ ᠠᠴᠠ ᠬᠠᠷᠰᠢᠬᠤ ᠶᠢ ᠬᠡᠷᠭᠢᠨ ᠰᠡᠷᠭᠡᠶᠢᠯᠡᠨ ᠵᠠᠰᠠᠬᠤ ᠪᠤᠢ︖                             ᠦᠨᠡᠨ ᠳᠡᠭᠡᠨ  ᠬᠦᠮᠦᠨ ᠤ  ᠪᠡᠶ᠎ᠡ ᠳᠤ  ᠬᠠᠷᠰᠢᠯ  ᠡᠭᠦᠰᠭᠡᠳᠡᠭ  ᠴᠡᠴᠡᠭ ᠤᠨ  ᠲᠤᠭᠤᠰᠤ ᠎ ᠨᠢ  ᠲᠡᠳᠡᠭᠡᠷ   ᠦᠩᠭᠡ‌ᠢᠯᠭᠠᠷᠠᠬᠰᠠᠨ ᠭᠤᠶᠤ ᠴᠡᠴᠡᠭ ᠬᠤᠸᠠᠷ ᠪᠢᠰᠢ᠂ ᠬᠠᠷᠢᠨ ᠴᠡᠴᠡᠭ ᠲᠡᠯᠭᠡᠷᠡᠳᠡᠭ ᠦᠭᠡᠢ ᠮᠤᠳᠤ ᠪᠤᠶᠤ ᠡᠪᠡᠰᠦ  ᠤᠷᠭᠤᠮᠠᠯ  ᠪᠤᠯᠬᠤ‌‍ᠶᠤᠮ᠃ ᠰᠢᠯᠢᠮᠳᠡᠭ᠂ ᠲᠤᠭᠤᠷ᠂ ᠠᠯᠢᠮ᠎ᠠ ᠵᠡᠷᠭᠡ ᠶᠢᠨ ᠴᠡᠴᠡᠭ ᠤᠨ ᠲᠤᠭᠤᠰᠤ ᠨᠢ  ᠡᠷᠪᠡᠬᠡᠢ  ᠪᠤᠶᠤ  ᠵᠦᠬᠡᠢ  ᠵᠡᠷᠭᠡ  ᠬᠤᠷᠤᠬᠠᠢ‌‍ᠰᠢᠪᠡᠵᠢ ᠪᠠᠷ ᠲᠠᠮᠵᠢᠨ ᠲᠠᠷᠬᠠᠳᠠᠭ ᠪᠦᠭᠡᠳ ᠲᠤᠭᠤᠰᠤ ᠶᠢᠨ ᠮᠦᠭᠦᠯᠢᠭ ᠨᠢ  ᠶᠡᠭᠡ᠂  ᠬᠡᠮᠵᠢᠶ᠎ᠡ ᠎ ᠨᠢ  ᠪᠠᠭ᠎ᠠ  ᠪᠤᠯᠬᠤᠷ  ᠲᠡᠶᠢᠮᠦ‌‍ᠬᠢᠯᠪᠠᠷᠬᠠᠨ ᠲᠠᠷᠬᠠᠳᠠᠭ ᠦᠭᠡᠢ᠂ ᠡᠶᠢᠮᠦ ᠠᠴᠠ ᠬᠦᠮᠦᠰ ᠲᠤ ᠬᠢᠯᠪᠠᠷᠬᠠᠨ ᠬᠠᠷᠰᠢᠯ ᠡᠭᠦᠰᠭᠡᠳᠡᠭ ᠦᠭᠡᠢ ᠶᠤᠮ᠃  ᠬᠠᠷᠢᠨ  ᠤᠳᠠ‌ᠤᠯᠢᠶᠠᠰᠤ ᠬᠤᠰᠤ ᠮᠠᠶᠢᠯᠠᠰᠦ ᠵᠡᠷᠭᠡ ᠮᠤᠳᠤᠨ ᠤ ᠴᠡᠴᠡᠭ ᠨᠢ ᠵᠢᠵᠢᠭ᠂ ᠲᠤᠭᠤᠰᠤᠨ ᠤ ᠠᠭᠤᠯᠠᠬᠳᠠᠴᠠ ᠎ ᠨᠢ  ᠦᠨᠳᠦᠷ  ᠪᠦᠭᠡᠳ‌‍ᠭᠦ᠋ᠩᠬᠡᠨ ᠪᠤᠯᠬᠤᠷ ᠰᠠᠯᠬᠢᠨ ᠤ ᠠᠶ᠎ᠠ ᠪᠠᠷ ᠮᠠᠰᠢ ᠬᠤᠯᠠ ᠭᠠᠵᠠᠷ  ᠬᠡᠶᠢᠰᠴᠦ  ᠲᠠᠷᠬᠠᠳᠠᠭ᠂  ᠡᠶᠢᠮᠦ ᠠᠴᠠ  ᠬᠦᠮᠦᠰ ᠲᠤ  ᠤᠯᠠᠨ‌ᠵᠦ᠋ᠢᠯ ᠤᠨ ᠬᠠᠷᠰᠢᠯ ᠡᠭᠦᠰᠭᠡᠳᠡᠭ ᠶᠤᠮ ᠪᠠᠶᠢᠨ᠎ᠠ᠃                      ᠴᠡᠴᠡᠭ ᠤᠨ ᠲᠤᠭᠤᠰᠤᠨ ᠳᠤ ᠬᠠᠷᠰᠢᠪᠠᠯ ᠵᠠᠷᠢᠮ ᠬᠦᠮᠦᠨ ᠤ ᠨᠢᠳᠤ ᠬᠠᠮᠠᠷ ᠵᠠᠭᠠᠲᠤᠨᠠᠬᠤ ᠪᠤᠶᠤ ᠬᠠᠪᠤᠳᠴᠦ ᠤᠯᠠᠶᠢᠬᠤ᠂ᠬᠠᠮᠠᠷ ᠪᠦᠭᠯᠡᠷᠡᠬᠦ᠂ ᠨᠢᠰᠤ ᠭᠤᠭᠤᠵᠢᠬᠤ᠂ ᠨᠠᠶᠢᠲᠠᠭᠠᠬᠤ ᠵᠡᠷᠭᠡ ᠢᠯᠡᠷᠡᠯ ᠭᠠᠷᠳᠠᠭ᠂  ᠪᠠᠰᠠ  ᠠᠷᠠᠰᠤ  ᠬᠦᠷᠦᠰᠦᠨ ᠳᠤ  ᠪᠢᠵᠢᠷᠡᠥ ᠭᠠᠷᠴᠦ ᠵᠠᠭᠠᠲᠤᠨᠠᠳᠠᠭ᠂ ᠨᠡᠩ ᠬᠡᠴᠡᠭᠦᠦ ᠨᠢ ᠵᠠᠷᠢᠮ ᠬᠦᠮᠦᠨ ᠤ ᠠᠮᠢᠰᠬᠤᠯ ᠎ ᠨᠢ  ᠴᠢᠬᠤᠯᠳᠠᠬᠤ ᠪᠤᠶᠤ‌‍ᠲ᠋ᠦ᠋ᠷᠭᠡᠨ  ᠴᠢᠨᠠᠷ  ᠲᠠᠢ‌ᠠᠭᠰᠠᠭ᠎ᠠ ᠪᠣᠯᠳᠠᠭ᠃                                      ᠠᠮᠠᠷᠬᠠᠨ ᠬᠠᠷᠰᠢᠳᠠᠭ  ᠬᠦᠮᠦᠰ  ᠴᠡᠴᠡᠭ ᠤᠨ  ᠲᠤᠭᠤᠰᠤ  ᠶᠡᠬᠡᠳᠡᠢ  ᠴᠡᠴᠡᠷᠯᠢᠭ  ᠪᠤᠶᠤ  ᠭᠡᠭᠡᠷ᠎ᠡ  ᠭᠠᠳᠠᠨ᠎ᠠ  ᠠᠯᠢ‌‍ᠴᠢᠳᠠᠬᠤ ᠪᠠᠷ ᠣᠴᠢᠬᠤ ᠦᠭᠡᠢ ᠪᠠᠶᠢᠵᠤ᠂ ᠭᠡᠷ ᠲᠤᠳᠤᠷ᠎ᠠ ᠪᠠᠨ  ᠬᠦᠳᠡᠯᠭᠡᠭᠡᠨ  ᠬᠢᠪᠡᠯ  ᠵᠤᠬᠢᠨ᠎ᠠ᠃  ᠭᠠᠳᠠᠨ᠎ᠠ  ᠭᠠᠷᠬᠤ ᠳ᠋ᠠᠭᠠᠨ‌ᠠᠮᠠᠪᠴᠢ᠂ ᠨᠢᠭᠤᠷ ᠤᠨ ᠪᠦᠲᠡᠭᠡᠯᠭᠡ᠂ ᠨᠢᠳᠤᠨ ᠰᠢᠯ ᠵᠡᠷᠭᠡ ᠶᠢ ᠵᠡᠭᠦᠵᠦ᠂ ᠭᠡᠷ ᠲᠡᠭᠡᠨ  ᠬᠠᠷᠢᠬᠰᠠᠨ ᠤ  ᠲᠠᠷᠠᠭ᠎ᠠ  ᠬᠠᠮᠠᠷ  ᠠᠮᠠ᠂ᠨᠢᠭᠤᠷ ᠴᠢᠷᠠᠢ  ᠪᠤᠯᠤᠨ  ᠬᠤᠪᠴᠠᠰᠤ  ᠬᠤᠨᠠᠷ ᠢᠶᠠᠨ  ᠤᠬᠢᠶᠠᠵᠦ  ᠠᠷᠢᠭᠤᠳᠬᠠᠬᠤ  ᠴᠢᠬᠤᠯᠠᠳᠠᠢ᠃  ᠡᠭᠦᠨ ᠤ  ᠬᠠᠮᠳᠤ  ᠪᠠᠰᠠ‌ᠬᠠᠷᠰᠢᠯ ᠠᠴᠠ ᠰᠡᠷᠭᠡᠶᠢᠯᠡᠬᠦ  ᠬᠠᠮᠢᠶᠠᠳᠠᠢ  ᠡᠮ  ᠲᠠᠩ ᠢ  ᠤᠷᠢᠳᠴᠢᠯᠠᠨ  ᠭᠡᠷᠡᠭᠯᠡᠵᠦ᠂  ᠡᠪᠡᠳᠴᠢᠨ  ᠬᠦᠨᠳᠦᠷᠪᠡᠯ  ᠲᠠᠷᠤᠶᠢᠬᠠᠨ‌ᠡᠮᠨᠡᠯᠬᠡ ᠳᠤ ᠬᠦᠷᠴᠦ ᠡᠮᠨᠡᠭᠦᠯᠬᠦ ᠴᠢᠬᠤᠯᠠᠳᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2