ᠠᠵᠠ ᠵᠢᠷᠭᠠᠯᠳᠠᠢ ᠠᠮᠢᠳᠤᠷᠠᠬᠤ ᠶᠢᠨ 6 ᠠᠷᠭ᠎ᠠ ᠳᠡᠮ
ᠨᠡᠶᠢᠲᠡᠯᠡᠭᠰᠡᠨ ᠴᠠᠭ᠄
2023/3/23
      ᠨᠢᠭᠡ᠂ ᠶᠠᠪᠤᠳᠠᠯ ᠪᠦᠬᠦᠨ ᠳᠤ ᠪᠡᠯᠡᠳᠬᠡᠯ ᠲᠠᠢ ᠪᠠᠶᠢᠬᠤ᠄ ᠪᠡᠯᠡᠳᠬᠡᠯ ᠲᠠᠢ ᠪᠤᠯ ᠪᠠᠯᠠᠳᠠᠬᠤ ᠦᠬᠡᠢ ᠬᠡᠳᠡᠭ᠃ ᠶᠠᠮᠠᠷ ᠴᠤ᠋‌‍ᠶᠠᠪᠤᠳᠠᠯ ᠳᠤ ᠤᠷᠢᠳᠴᠢᠯᠠᠨ ᠪᠡᠯᠡᠳᠬᠡᠯ ᠬᠢᠬᠦ ᠶᠢ ᠰᠤᠷᠴᠤ᠂ ᠰᠠᠨᠠᠭᠠᠴᠢᠯᠠᠭ᠎ᠠ ᠶᠢ  ᠭᠠᠷ ᠲᠠᠭᠠᠨ  ᠠᠳᠬᠤᠵᠤ᠂  ᠭᠡᠨᠡᠳᠲᠡ ᠵᠢᠨ‌‍ᠪᠠᠶᠢᠳᠠᠯ ᠳᠤ ᠴᠠᠭ ᠠᠮᠵᠢᠬᠰᠠᠨ ᠪᠠᠶᠢᠪᠠᠯ ᠰᠠᠶᠢᠨ᠃ ᠢᠩᠬᠢᠬᠦ ᠨᠢ ᠪᠤᠰᠤᠳ ᠢ  ᠬᠦᠨᠳᠦᠳᠬᠡᠵᠦ ᠪᠠᠶᠢᠬᠤ ᠪᠠᠷ ᠪᠠᠷᠠᠬᠤ ᠦᠭᠡᠢ᠂ᠦᠪᠡᠷᠳᠡᠬᠡᠨ ᠴᠦ ᠬᠠᠷᠢᠭᠤᠴᠠᠵᠤ ᠪᠠᠶᠢᠭ᠎ᠠ ᠶᠠᠪᠤᠳᠠᠯ ᠶᠤᠮ᠃                              ᠬᠤᠶᠠᠷ᠂ ᠬᠤᠶᠢᠰᠢᠯᠠᠭᠤᠯᠬᠤ ᠶᠢ ᠲᠡᠪᠴᠢᠬᠦ᠄  ᠡᠳᠦᠷ ᠤᠨ  ᠠᠵᠢᠯ ᠢ  ᠡᠳᠦᠷ ᠲᠤ ᠎ ᠨᠢ  ᠬᠢᠵᠦ  ᠪᠠᠶᠢᠬᠤ  ᠬᠡᠷᠡᠭᠳᠡᠢ᠃ᠬᠤᠢᠰᠢᠯᠠᠭᠤᠯᠬᠤ ᠨᠢ ᠠᠮᠵᠢᠯᠲᠠ ᠳᠤ ᠬᠦᠷᠬᠦ ᠶᠢᠨ ᠬᠠᠮᠤᠭ ᠤᠨ ᠶᠡᠭᠡ ᠰᠠᠭᠠᠳ ᠶᠤᠮ᠃                              ᠭᠤᠷᠪᠠ᠂ ᠲᠡᠰᠦᠷᠡᠯᠳᠠ ᠦᠬᠡᠢ ᠰᠤᠷᠤᠯᠴᠠᠬᠤ᠄ ᠰᠤᠷᠤᠯᠴᠠᠯᠭ᠎ᠠ  ᠪᠣᠯ  ᠪᠢᠳᠡ  ᠪᠦᠬᠦᠨ ᠤ  ᠡᠬᠦᠷᠢᠳᠡ ᠶᠢᠨ  ᠦᠢᠯᠡᠰ‌ᠮᠥ᠋ᠨ᠃ ᠮᠡᠳᠡᠯᠭᠡ ᠦᠭᠡᠢ ᠬᠥᠮᠥᠨ ᠰᠣᠷᠬᠤ ᠶᠢ ᠬᠢᠵᠠᠭᠠᠷ ᠲᠠᠢ ᠭᠡᠵᠦ᠂ ᠮᠡᠷᠬᠡᠨ  ᠬᠥᠮᠥᠨ  ᠰᠤᠷᠬᠤᠢ ᠎ ᠳᠤᠷ  ᠬᠢᠵᠠᠭᠠᠷ  ᠦᠭᠡᠢ‌‍ᠭᠡᠳᠡᠭ ᠢ ᠮᠡᠳᠡᠷᠡᠳᠡᠭ᠃ ᠰᠤᠷᠤᠯᠴᠠᠯᠭ᠎ᠠ ᠶᠢ ᠳᠠᠳᠬᠠᠯ ᠪᠣᠯᠭᠠᠪᠠᠯ᠂ ᠪᠢᠳᠡ ᠰᠠᠶ᠋ᠢ ᠦᠪᠡᠷ ᠢ ᠪᠠᠨ  ᠴᠠᠭ  ᠢᠮᠠᠬᠳᠠ  ᠰᠢᠨᠡᠴᠢᠯᠡᠵᠦ‌‍ᠬᠦ᠋ᠭᠵᠢᠬᠦᠯᠵᠦ ᠴᠢᠳᠠᠳᠠᠭ᠃                             ᠳᠥᠷᠪᠡ᠂ ᠠᠭᠤᠷ ᠤᠴᠠᠭᠠᠷ ᠢᠶᠠᠨ ᠳᠠᠷᠣᠵᠦ ᠰᠣᠷᠬᠤ᠄ ᠰᠡᠳᠬᠢᠯ ᠳᠡᠭᠡᠨ ᠬᠦᠴᠦᠳᠡᠢ ᠬᠥᠮᠥᠨ᠂ ᠠᠭᠤᠷ ᠤᠴᠠᠭᠠᠷ ᠵᠶ᠋ᠠᠨ‌‍ᠲ᠋ᠠᠷᠣᠵᠦ ᠪᠠᠶᠢᠭᠠᠳ ᠤᠴᠢᠷ ᠶᠠᠪᠤᠳᠠᠯ ᠢ ᠰᠢᠢᠳᠪᠦᠷᠢᠯᠡᠬᠦ ᠶᠢ ᠮᠡᠳᠡᠨ᠎ᠡ᠃ ᠶᠠᠮᠠᠷ ᠪᠠᠶᠢᠳᠠᠯ ᠳᠣᠬᠢᠶᠠᠯᠳᠣᠬᠰᠠᠨ ᠴᠤ ᠰᠡᠳᠬᠢᠯ ᠰᠠᠨᠠᠭ᠎ᠠ‌‍ᠲ᠋ᠠᠶᠢᠪᠤᠭᠤᠨ᠂ ᠯᠠᠪᠳᠠᠭᠤᠨ ᠲᠣᠭᠲᠠᠭᠤᠨ ᠪᠠᠶᠢᠪᠠᠯ ᠰᠠᠶ᠋ᠢ ᠠᠰᠠᠭᠤᠳᠠᠯ ᠢ ᠰᠢᠢᠳᠪᠦᠷᠢᠯᠡᠬᠦ ᠠᠷᠭ᠎ᠠ ᠶᠢ ᠣᠯᠵᠤ ᠴᠢᠳᠠᠨ᠎ᠠ᠃                            ᠲᠠᠪᠤ᠂ ᠳᠤᠷ᠎ᠠ ᠰᠣᠨᠢᠷᠬᠠᠯ ᠲᠠᠢ ᠪᠠᠶᠢᠬᠤ᠄ ᠳᠣᠷᠠᠳᠠᠢ ᠵᠤᠶᠢᠯ ᠢᠶᠠᠨ ᠬᠢᠵᠦ  ᠰᠡᠳᠬᠢᠯ  ᠰᠠᠨᠠᠭ᠎ᠠ ᠎ ᠪᠠᠨ  ᠵᠠᠰᠠᠬᠤ  ᠬᠡᠳᠡᠭ ᠠᠮᠢᠳᠣᠷᠠᠯ ᠳᠤ ᠶᠡᠭᠡ ᠴᠢᠬᠤᠯᠠ᠃ ᠴᠡᠴᠡᠭ ᠬᠤᠸᠠᠷ ᠳᠠᠷᠢᠬᠤ᠂  ᠲᠠᠮᠢᠷ ᠤᠨ  ᠬᠥᠳᠡᠯᠭᠡᠭᠡᠨ ᠳᠤ  ᠣᠷᠣᠯᠴᠠᠬᠤ᠂  ᠨᠣᠮ  ᠵᠤᠬᠢᠶᠠᠯ‌ᠣᠩᠰᠢᠬᠤ᠂ ᠡᠰᠡᠬᠦᠯ᠎ᠡ ᠨᠢᠭᠡ ᠳᠦᠷᠦᠯ ᠤᠨ ᠬᠥᠭᠵᠢᠮ ᠰᠤᠷᠬᠤ᠂ ᠨᠢᠭᠡ ᠵᠦᠢᠯ ᠤᠨ ᠭᠠᠷ ᠤᠷᠠᠯᠠᠯ  ᠣᠷᠣᠯᠳᠣᠬᠤ  ᠬᠡᠳ  ᠵᠢᠵᠢᠭ ᠰᠠᠵᠢᠭ ᠵᠣᠶᠢᠯ ᠤᠷᠮ᠎ᠠ ᠰᠡᠳᠬᠢᠯ ᠢ ᠳᠡᠵᠢᠬᠡᠵᠦ ᠠᠮᠢᠳᠣᠷᠠᠯ ᠢ ᠣᠳᠬ᠎ᠠ ᠠᠭᠤᠯᠭ᠎ᠠ ᠎ ᠲᠠᠢ ᠪᠤᠯᠭᠠᠳᠠᠭ ᠰᠢᠦ᠃                           ᠵᠢᠷᠭᠤᠭ᠎ᠠ᠂ ᠪᠠᠶᠢᠭ᠎ᠠ ᠵᠤᠶᠢᠯ ᠢᠶᠠᠨ ᠨᠠᠨᠳᠢᠩᠨᠠᠬᠤ᠄ ᠵᠢᠩᠬᠢᠨᠢ ᠤᠬᠠᠭᠠᠨ ᠲᠠᠢ ᠬᠥᠮᠥᠨ ᠦᠪᠡᠷ ᠲᠤ ᠨᠢ  ᠪᠠᠶᠢᠭ᠎ᠠ  ᠵᠤᠶᠢᠯ ᠳᠡᠭᠡᠷ᠎ᠡ ᠰᠠᠨᠠᠭ᠎ᠠ ᠰᠡᠳᠬᠢᠯ ᠢᠶᠠᠨ ᠳᠠᠯᠪᠢᠵᠦ ᠴᠢᠳᠠᠳᠠᠭ᠃ ᠶᠠᠭᠤᠮᠠᠨ ᠳᠤ  ᠰᠢᠨᠤᠬᠤ  ᠦᠭᠡᠢ᠂  ᠢᠷᠡᠭᠡᠳᠦᠢ ᠠᠴᠠ  ᠵᠢᠷᠦᠬᠡᠰᠢᠶᠡᠬᠦ ᠦᠭᠡᠢ ᠪᠠᠷ ᠵᠦᠭᠡᠷ ᠯᠠ ᠨᠢᠳᠦᠨ ᠡᠮᠦᠨ᠎ᠡ ᠴᠢᠨᠢ ᠪᠠᠶᠢᠭ᠎ᠠ ᠪᠦᠬᠦ ᠵᠤᠶᠢᠯ ᠢᠶᠠᠨ ᠨᠠᠨᠳᠢᠩᠨᠠᠵᠦ ᠠᠮᠢᠳᠣᠷᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2