ᠬᠤᠷᠢᠳᠤᠭᠠᠷ ᠶᠡᠭᠡ ᠬᠤᠷᠠᠯ ᠤᠨ ᠢᠯᠡᠳᠬᠡᠯ ᠳᠤ ᠶᠡᠷᠦᠩᠬᠡᠢ ᠱᠦᠵᠢ ᠰᠢ ᠶᠢᠨ ᠫᠢᠩ ︽ᠭᠤᠷᠪᠠᠨ ᠡᠷᠬᠡᠪᠰᠢ︾᠎ ᠶᠢ ᠴᠢᠬᠤᠯᠠᠴᠢᠯᠠᠪᠠ
ᠨᠡᠶᠢᠲᠡᠯᠡᠭᠰᠡᠨ ᠴᠠᠭ᠄
2022/10/20
    10 ᠰᠠᠷ᠎ᠠ ᠶᠢᠨ 16᠎ ᠤ ᠦᠳᠡ ᠶᠢᠨ ᠡᠮᠦᠨ᠎ᠡ᠂ ᠨᠠᠮ ᠤᠨ ᠬᠤᠷᠢᠳᠤᠭᠠᠷ ᠶᠡᠭᠡ ᠬᠤᠷᠠᠯ ᠡᠬᠢᠯᠡᠵᠦ᠂ ᠶᠡᠷᠦᠩᠬᠡᠢ ᠱᠦᠵᠢ‌‍ᠰᠢ ᠶᠢᠨ ᠫᠢᠩ ᠠᠷᠪᠠ ᠶᠢᠰᠦᠳᠦᠭᠡᠷ ᠬᠤᠭᠤᠴᠠᠭᠠᠨ ᠤ ᠲᠥᠪ ᠬᠤᠷᠢᠶᠠᠨ ᠤ ᠡᠮᠦᠨ᠎ᠡ ᠠᠴᠠ ᠶᠡᠭᠡ ᠬᠤᠷᠠᠯ ᠳᠤ  ᠢᠯᠡᠳᠬᠡᠯ  ᠬᠢᠵᠦ᠂ ᠳᠡᠯᠡᠬᠡᠢ ᠳ᠋ᠠᠬᠢᠨ ᠤ ᠠᠩᠬᠠᠷᠤᠯ ᠢ ᠲᠠᠲᠠᠪᠠ᠃            ᠶᠡᠷᠦᠩᠬᠡᠢ ᠱᠦᠵᠢ ᠰᠢ ᠶᠢᠨ ᠫᠢᠩ ᠢᠯᠡᠳᠬᠡᠯ ᠳᠡᠭᠡᠨ᠂ ᠪᠦᠬᠦ ᠨᠠᠮ ᠤᠨ ᠨᠥᠬᠦᠳ  ᠡᠷᠬᠡᠪᠰᠢ  ᠤᠬ  ᠵᠤᠷᠢᠯᠲᠠ  ᠪᠠᠨ‌ᠦᠯᠦ ᠮᠠᠷᠲᠠᠨ᠂ ᠡᠭᠦᠷᠭᠡ ᠬᠠᠷᠢᠭᠤᠴᠠᠯᠭ᠎ᠠ ᠪᠠᠨ ᠪᠠᠲᠤ  ᠴᠡᠭᠡᠵᠢᠯᠡᠵᠦ᠂  ᠡᠷᠬᠡᠪᠰᠢ  ᠳᠠᠷᠤᠤ  ᠪᠤᠯᠭᠤᠮᠵᠢᠳᠡᠢ‌‍ᠪᠠᠶᠢᠵᠤ᠂  ᠲᠡᠰᠪᠦᠷᠢ ᠬᠠᠲᠠᠭᠤᠵᠢᠯᠲᠠᠢ ᠪᠠᠷ ᠲᠡᠮᠡᠴᠡᠵᠦ᠂ ᠡᠷᠬᠡᠪᠰᠢ ᠵᠣᠷᠢᠭᠲᠠᠢ ᠲᠡᠮᠡᠴᠡᠵᠦ᠂ ᠴᠢᠳᠠᠮᠠᠭᠠᠢ ᠪᠠᠷ ᠲᠡᠮᠡᠴᠡᠵᠦ᠂  ᠲᠡᠦᠬᠡ ᠶᠢᠨ  ᠢᠲᠡᠭᠡᠯ ᠢᠶᠠᠨ ᠪᠠᠲᠤᠳᠬᠠᠵᠤ᠂ ᠲᠡᠦᠬᠡ ᠶᠢᠨ ᠰᠠᠨᠠᠭᠠᠴᠢᠯᠠᠭᠠᠲᠤ ᠴᠢᠨᠠᠷ ᠢᠶᠠᠨ ᠴᠢᠩᠭᠠᠳᠬᠠᠵᠤ᠂ ᠰᠢᠨ᠎ᠡ ᠴᠠᠭ ᠦᠶ᠎ᠡ ᠶᠢᠨ ᠳᠤᠮᠳᠠᠳᠤ  ᠤᠯᠤᠰ ‍ᠤᠨ‌ᠣᠨᠴᠠᠯᠢᠭ ᠲᠠᠢ ᠨᠡᠶᠢᠭᠡᠮ  ᠵᠢᠷᠤᠮ ᠤᠨ  ᠨᠡᠩ  ᠦᠵᠡᠰᠬᠦᠯᠡᠩᠲᠦ  ᠰᠠᠶᠢᠬᠠᠨ  ᠢᠷᠠᠭᠤ  ᠬᠠᠭᠤᠳᠠᠰᠤ ᠶᠢ  ᠪᠢᠴᠢᠭᠯᠡᠰᠦᠭᠡᠢ  ᠭᠡᠵᠦ‌‍ᠴᠢᠬᠤᠯᠠᠴᠢᠯᠠᠪᠠ᠃              ᠡᠨᠡ ︽ᠭᠤᠷᠪᠠᠨ ᠡᠷᠬᠡᠪᠰᠢ︾᠎ ᠨᠢ ᠮᠠᠰᠢ ᠢᠯᠡ ᠲᠤᠲᠤᠷᠠᠭᠤᠨ ᠪᠠᠶᠢᠨ᠎ᠠ᠃ ︽ᠭᠤᠷᠪᠠᠨ ᠡᠷᠬᠡᠪᠰᠢ︾᠎ ᠠᠴᠠ  ᠮᠠᠤ  ᠽᠧ‌‍ᠳᠦ᠋ᠩ ᠨᠥᠬᠦᠷ ᠤᠨ ᠳᠤᠷᠠᠳᠤᠭᠰᠠᠨ ︽ᠬᠤᠶᠠᠷ ᠡᠷᠬᠡᠪᠰᠢ︾᠎ ᠶᠢ ᠲᠤᠩ ᠠᠮᠠᠷᠬᠠᠨ ᠬᠤᠯᠪᠣᠨ ᠪᠤᠳᠦᠵᠦ ᠤᠯᠬᠤ ᠶᠤᠮ᠃            1949 ᠣᠨ ᠤ 3 ᠰᠠᠷ᠎ᠠ ᠳᠤ᠂ ᠮᠠᠤ ᠽᠧ ᠳ᠋ᠦᠩ ᠨᠠᠮ ᠤᠨ ᠳᠣᠯᠣᠳᠤᠭᠠᠷ ᠬᠤᠭᠤᠴᠠᠭᠠᠨ ᠤ  ᠲᠥᠪ  ᠬᠤᠷᠢᠶᠠᠨ ᠤ ᠬᠤᠶᠠᠳᠤᠭᠠᠷ ᠪᠥᠬᠦᠳᠡ ᠬᠤᠷᠠᠯ ᠳᠡᠭᠡᠷ᠎ᠡ᠂ ᠨᠥᠬᠦᠳ ᠨᠠᠷ ᠢ ᠡᠷᠬᠡᠪᠰᠢ  ᠦᠷᠭᠦᠯᠵᠢᠯᠡᠨ  ᠳᠠᠷᠤᠤ᠂  ᠪᠣᠯᠭᠤᠮᠵᠢᠲᠠᠶ᠂ ᠪᠠᠷᠳᠠᠮᠨᠠᠬᠤ‌ᠦᠭᠡᠢ᠂ ᠪᠠᠴᠢᠮᠳᠠᠬᠤ ᠦᠭᠡᠢ ᠰᠤᠷᠲᠠᠯ ᠲᠠᠢ ᠪᠠᠶᠢᠯᠭᠠᠬᠤ ᠬᠡᠷᠡᠭᠲᠡᠶ᠂ ᠡᠷᠬᠡᠪᠰᠢ ᠦᠷᠭᠦᠯᠵᠢᠯᠡᠨ  ᠲᠡᠰᠪᠦᠷᠢ  ᠬᠠᠲᠠᠭᠤᠵᠢᠯᠲᠠᠶ  ᠪᠡᠷ‌‍ᠲ᠋ᠡᠮᠡᠴᠡᠬᠦ ᠰᠤᠷᠲᠠᠯ ᠲᠠᠢ ᠪᠠᠶᠢᠯᠭᠠᠬᠤ ᠬᠡᠷᠡᠭᠲᠡᠶ ᠭᠡᠵᠦ ᠪᠦᠬᠦ ᠨᠠᠮ ᠳᠤ ᠲᠤᠷᠠᠳᠤᠭᠰᠠᠨ ᠪᠢᠯᠡ᠃       ᠡᠨᠡ  ︽ᠬᠤᠶᠠᠷ  ᠡᠷᠬᠡᠪᠰᠢ︾ ᠨᠢ‌ᠮᠠᠨ ᠤ ᠨᠠᠮ ᠲᠦᠷᠦ ᠪᠠᠷᠢᠭᠴᠢ ᠨᠠᠮ ᠪᠣᠯᠤᠭᠰᠠᠨ ᠤ ᠲᠠᠷᠠᠭ᠎ᠠ ᠲᠤᠯᠭᠠᠷᠠᠬᠤ ᠰᠢᠨ᠎ᠡ ᠥᠷᠢᠰᠥᠯᠳᠦᠭᠡᠨ ᠢ ᠭᠦᠢᠴᠡᠳ  ᠤᠷᠢᠳᠴᠢᠯᠠᠨ‌ᠮᠡᠳᠡᠵᠠᠢ᠃         ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠤᠨ ᠳᠠᠷᠠᠭ᠎ᠠ᠂ ᠶᠡᠷᠦᠩᠬᠡᠶ ᠱᠦᠵᠢ  ᠰᠢ ᠶᠢᠨ  ᠫᠢᠩ  ᠨᠠᠮ ᠤᠨ ᠣᠯᠠᠨ‌‍ᠲ᠋ᠦ᠋ᠮᠡᠨᠴᠢ ᠱᠤᠭᠤᠮ ᠤᠨ ᠬᠥᠮᠦᠵᠢᠯ ᠦᠢᠯᠡᠳᠦᠯᠭᠡ ᠶᠢᠨ ᠠᠵᠢᠯᠯᠠᠭ᠎ᠠ ᠶᠢ ᠪᠠᠶᠢᠴᠠᠭᠠᠨ ᠰᠤᠳᠤᠯᠵᠤ ᠵᠢᠯᠣᠭᠤᠳᠬᠤ ᠳᠠᠭᠠᠨ  ᠰᠢ  ᠪᠠᠶ‌‍ᠫᠦ᠋ᠸᠧ ᠳᠤ ᠬᠦᠷᠴᠦ᠂ ︽ᠬᠤᠶᠠᠷ ᠡᠷᠬᠡᠪᠰᠢ︾᠎ ᠶᠢ ᠪᠠᠷᠢᠮᠲᠠᠯᠠᠬᠤ ᠶᠢᠨ ᠴᠢᠬᠤᠯᠠ ᠴᠢᠨᠠᠷ ᠢ ᠲᠠᠬᠢᠨᠲᠠ ᠴᠢᠬᠤᠯᠠᠴᠢᠯᠠᠭᠰᠠᠨ ᠶᠤᠮ᠃            ᠶᠡᠷᠦᠩᠬᠡᠢ ᠱᠦᠵᠢ ᠰᠢ ᠶᠢᠨ ᠫᠢᠩ ᠢᠯᠡᠳᠬᠡᠯ ᠳᠡᠭᠡᠨ ︽ᠭᠤᠷᠪᠠᠨ ᠡᠷᠬᠡᠪᠰᠢ︾᠎ ᠶᠢ  ᠴᠢᠬᠤᠯᠠᠴᠢᠯᠠᠬᠰᠠᠨ  ᠶᠠᠪᠤᠳᠠᠯ  ᠨᠢ‌‍ᠴᠢᠩᠭ᠎ᠠ ᠡᠭᠦᠷᠭᠡ ᠬᠠᠷᠢᠭᠤᠴᠠᠯᠭ᠎ᠠ᠂ ᠰᠠᠨᠠᠭᠠᠰᠢᠷᠠᠬᠤ ᠤᠬᠠᠮᠰᠠᠷ ᠪᠣᠯᠤᠨ ᠲᠡᠮᠡᠴᠡᠯ ᠤᠨ ᠵᠣᠷᠢᠭ ᠰᠠᠨᠠᠭ᠎ᠠ ᠶᠢ ᠢᠯᠡᠷᠡᠭᠦᠯᠵᠡᠢ᠃             ᠨᠠᠮ ᠤᠨ ᠤᠭ ᠵᠤᠷᠢᠯᠳᠠ ᠪᠣᠯᠤᠨ ᠡᠭᠦᠷᠭᠡ ᠬᠠᠷᠢᠭᠤᠴᠠᠯᠭ᠎ᠠ ᠪᠣᠯ ᠨᠠᠮ ᠤᠨ  ᠰᠢᠨᠵᠢ  ᠴᠢᠨᠠᠷ  ᠵᠣᠷᠢᠯᠲᠠ᠂  ᠬᠦᠰᠡᠯᠡᠩ‌ᠢᠲᠡᠭᠡᠯ ᠪᠢᠰᠢᠷᠡᠯ᠂ ᠲᠡᠮᠡᠴᠡᠬᠦ ᠬᠠᠷᠠᠯᠲᠠ ᠶᠢᠨ ᠲᠥᠪᠯᠡᠷᠡᠩᠭᠦᠢ ᠢᠯᠡᠷᠡᠯ  ᠮᠥᠨ᠃  ︽ᠤᠭ  ᠵᠤᠷᠢᠯᠲᠠ ᠪᠠᠨ  ᠦᠯᠦ  ᠮᠠᠷᠲᠠᠨ᠂ᠡᠭᠦᠷᠭᠡ ᠬᠠᠷᠢᠭᠤᠴᠠᠯᠭ᠎ᠠ ᠪᠠᠨ ᠪᠠᠳᠤ ᠴᠡᠭᠡᠵᠢᠯᠡᠪᠡᠯ︾ ᠨᠠᠮ ᠰᠠᠶ᠋ᠢ ᠢᠮᠠᠭᠲᠠ ᠳᠤᠮᠳᠠᠳᠤ  ᠤᠯᠤᠰ ᠤᠨ  ᠣᠨᠴᠠᠯᠢᠭ ᠲᠠᠢ  ᠨᠡᠶᠢᠭᠡᠮ‌ᠵᠢᠷᠤᠮ ᠤᠨ ᠦᠢᠯᠡᠰ ᠤᠨ ᠪᠠᠲᠤ ᠴᠢᠩᠭ᠎ᠠ ᠤᠳᠤᠷᠢᠳᠬᠤ ᠭᠤᠣᠯᠯᠠᠭᠴᠢ ᠪᠤᠯᠵᠤ ᠴᠢᠳᠠᠨ᠎ᠠ᠃            ᠨᠠᠮ ᠤᠨ ᠰᠤᠷᠲᠠᠯ ᠪᠣᠯ ᠨᠠᠮ ᠤᠨ ᠲᠦᠷᠢ ᠲᠥᠷᠬᠦ ᠮᠥᠨ᠂ ᠨᠠᠮ ᠪᠠ ᠤᠯᠠᠨ  ᠲᠦᠮᠡᠨ ᠤ  ᠬᠠᠷᠢᠴᠠᠭ᠎ᠠ᠂  ᠺᠠᠳ᠋ᠷ  ᠪᠠ‌ᠤᠯᠠᠨ ᠲᠦᠮᠡᠨ ᠤ  ᠬᠠᠷᠢᠴᠠᠭ᠎ᠠ᠂  ᠬᠥᠮᠦᠨ ᠤ  ᠰᠡᠳᠬᠢᠯ ᠤᠨ  ᠬᠠᠨᠳᠤᠰᠢ ᠶᠢ  ᠠᠵᠢᠭᠯᠠᠬᠤ  ᠰᠢᠯᠭᠠᠭᠤᠷ  ᠮᠥᠨ᠃  ︽ᠳᠠᠷᠤᠤ‌‍ᠪᠤᠯᠭᠤᠮᠵᠢᠳᠡᠢ᠂ ᠲᠡᠰᠪᠦᠷᠢ ᠬᠠᠲᠠᠭᠤᠵᠢᠯᠲᠠᠢ ᠪᠠᠷ ᠲᠡᠮᠡᠴᠡᠪᠡᠯ︾ ᠨᠠᠮ ᠰᠠᠶ᠋ᠢ ᠢᠮᠠᠭᠲᠠ  ᠠᠷᠠᠳ  ᠲᠦᠮᠡᠨ ᠲᠠᠢ  ᠠᠮᠢᠰᠬᠤᠭ᠎ᠠ ᠪᠠᠨ‌ᠨᠢᠭᠡᠳᠬᠡᠵᠦ᠂ ᠬᠤᠪᠢ ᠵᠠᠶᠠᠭ᠎ᠠ ᠪᠠᠨ ᠬᠠᠮᠲᠤᠳᠬᠠᠨ᠂ ᠰᠡᠳᠬᠢᠯ ᠵᠢᠷᠦᠬᠡ ᠪᠠᠨ ᠬᠤᠯᠪᠣᠵᠤ ᠴᠢᠳᠠᠨ᠎ᠠ᠃           ᠳᠤᠮᠳᠠᠳᠤ ᠶᠢᠨ ᠦᠨᠳᠦᠰᠦᠲᠡᠨ ᠤ ᠠᠭᠤᠤ  ᠶᠡᠭᠡ  ᠰᠡᠷᠭᠦᠨ  ᠮᠠᠨᠳᠤᠯᠲᠠ ᠶᠢ  ᠲᠡᠶᠢᠮᠦ  ᠬᠦᠩᠭᠡᠨ  ᠬᠢᠯᠪᠠᠷᠬᠠᠨ ᠢᠶᠠᠷ᠂ᠬᠡᠩᠭᠡᠷᠭᠡ ᠴᠠᠩ  ᠳᠡᠯᠡᠳᠴᠦ  ᠪᠠᠶᠢᠭᠠᠳ  ᠪᠡᠶᠡᠯᠡᠭᠦᠯᠴᠢᠬᠡᠬᠦ  ᠪᠢᠰᠢ  ᠶᠤᠮ᠃  ︽ᠵᠣᠷᠢᠭᠲᠠᠶ ᠪᠠᠷ  ᠲᠡᠮᠡᠴᠡᠵᠦ᠂  ᠴᠢᠳᠠᠮᠠᠭᠠᠶ ᠪᠠᠷ‌‍ᠲ᠋ᠡᠮᠡᠴᠡᠪᠡᠯ︾᠂ ᠨᠠᠮ ᠰᠠᠶ᠋ᠢ ᠪᠥᠬᠦ ᠤᠯᠤᠰ ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠢ ᠪᠦᠯᠬᠦᠮᠳᠡᠭᠦᠯᠦᠨ  ᠳᠠᠭᠠᠭᠤᠯᠵᠤ ᠠᠵᠢᠯ ᠦᠢᠯᠡᠰ ᠤᠨ ᠬᠥᠭᠵᠢᠯᠲᠡ ᠶᠢᠨ ᠰᠢᠨ᠎ᠡ ᠣᠷᠣᠨ ᠵᠠᠶ ᠶᠢ ᠲᠠᠰᠤᠷᠠᠯᠲᠠ ᠥᠬᠡᠶ ᠨᠡᠭᠡᠭᠡᠵᠦ ᠴᠢᠳᠠᠨ᠎ᠠ᠃             1949 ᠣᠨ ᠤ 3 ᠰᠠᠷ᠎ᠠ ᠶᠢᠨ 23᠎ ᠤ ᠡᠳᠦᠷ᠂ ᠨᠠᠮ ᠤᠨ ᠲᠥᠪ ᠬᠤᠷᠢᠶ᠎ᠠ ᠰᠢ ᠪᠠᠢ ᠫᠦᠸᠧ ᠠᠴᠠ  ᠪᠡᠭᠡᠵᠢᠩ ᠳ᠋ᠤ᠋‌‍ᠰᠢᠯᠵᠢᠨ ᠬᠦᠷᠬᠦ ᠦᠶ᠎ᠡ ᠳᠤ᠂ ᠮᠠᠤ ᠽᠧ ᠳ᠋ᠦᠩ᠄ ︽ᠡᠨᠡ ᠡᠳᠦᠷ ᠪᠣᠯ ᠪᠡᠭᠡᠵᠢᠩ ᠳᠤ ᠤᠷᠤᠵᠦ  ᠰᠢᠯᠭᠠᠯᠳᠠ ᠎ ᠳᠤ  ᠤᠷᠤᠯᠴᠠᠬᠤ‌ᠡᠳᠦᠷ ᠪᠣᠯᠤᠨ᠎ᠠ︾ ᠭᠡᠵᠦ ᠬᠡᠯᠡᠭᠰᠡᠨ ᠪᠢᠯᠡ᠃ ᠤᠳᠤ᠂ ᠳᠤᠮᠳᠠᠳᠤ ᠤᠯᠤᠰ ᠤᠨ ᠡᠪ ᠬᠠᠮᠲᠤ ᠨᠠᠮ ᠳᠤᠮᠳᠠᠳᠤ ᠤᠯᠤᠰ ᠤᠨ ᠠᠷᠠᠳ‌‍ᠲ᠋ᠦ᠋ᠮᠡᠨ ᠢ ᠪᠦᠯᠬᠦᠮᠳᠡᠭᠦᠯᠦᠨ ᠳᠠᠭᠠᠭᠤᠯᠵᠤ ᠬᠤᠶᠠᠳᠤᠭᠠᠷ ᠵᠠᠭᠤᠨ ᠵᠢᠯ ᠤᠨ ᠲᠡᠮᠡᠴᠡᠬᠦ ᠬᠠᠷᠠᠯᠲᠠ ᠶᠢ ᠪᠡᠶᠡᠯᠡᠭᠦᠯᠬᠦ ᠰᠢᠨ᠎ᠡ ᠰᠢᠯᠭᠠᠯᠳᠠ‌‍ᠳᠥ ᠣᠷᠣᠯᠴᠠᠬᠤ ᠵᠠᠮ ᠳᠠᠭᠠᠨ ᠮᠤᠷᠲᠠᠯ᠎ᠠ᠃            ᠨᠡᠶᠢᠭᠡᠮ ᠵᠢᠷᠤᠮᠲᠤ ᠣᠳᠣᠬᠢᠴᠢᠯᠠᠭᠰᠠᠨ ᠤᠯᠤᠰ ᠢ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ ᠪᠣᠯ ᠨᠢᠭᠡᠨ ᠠᠭᠤᠤ ᠶᠡᠭᠡ ᠪᠥᠭᠡᠳ ᠪᠡᠷᠬᠡ ᠬᠠᠲᠠᠭᠤᠵᠢᠯᠲᠠᠶ ᠦᠢᠯᠡᠰ ᠮᠥᠨ᠂ ᠢᠷᠡᠭᠡᠳᠦᠶ ᠭᠡᠭᠡᠨ ᠰᠠᠷᠠᠭᠤᠯ᠂ ᠡᠭᠦᠷᠭᠡ ᠬᠦᠨᠳᠦ ᠵᠠᠮ ᠬᠤᠯᠠ ᠪᠠᠶᠢᠨ᠎ᠠ᠃              ︽ᠭᠤᠷᠪᠠᠨ   ᠡᠷᠬᠡᠪᠰᠢ︾᠎ ᠶᠢ   ᠪᠡᠶᠡᠯᠡᠭᠦᠯᠵᠦ᠂   ᠲᠡᠦᠬᠡ ᠶᠢᠨ   ᠢᠲᠡᠭᠡᠯ ᠢᠶᠠᠨ   ᠪᠠᠲᠤᠳᠬᠠᠵᠤ᠂   ᠲᠡᠦᠬᠡ ᠵᠢᠨ‌‍ᠰᠠᠨᠠᠭᠠᠴᠢᠯᠠᠭᠠᠲᠤ ᠴᠢᠨᠠᠷ ᠢ ᠴᠢᠩᠭᠠᠳᠬᠠᠪᠠᠯ᠂ ᠳᠤᠮᠳᠠᠳᠤ ᠤᠯᠤᠰ ᠤᠨ ᠡᠪ ᠬᠠᠮᠲᠤᠴᠤᠳ  ᠰᠢᠨ᠎ᠡ  ᠠᠶᠠᠨ ᠳᠠᠭᠠᠨ  ᠰᠢᠨ᠎ᠡ  ᠴᠠᠭ‌ᠦᠶ᠎ᠡ ᠶᠢᠨ  ᠳᠤᠮᠳᠠᠳᠤ  ᠤᠯᠤᠰ ᠤᠨ  ᠣᠨᠴᠠᠯᠢᠭ ᠲᠠᠢ  ᠨᠡᠶᠢᠭᠡᠮ  ᠵᠢᠷᠤᠮ ᠤᠨ  ᠨᠡᠩ  ᠦᠵᠡᠰᠬᠦᠯᠡᠩᠲᠦ  ᠰᠠᠶᠢᠬᠠᠨ  ᠢᠷᠠᠭᠤ ᠬᠠᠭᠤᠳᠠᠰᠤ ᠶᠢ ᠪᠢᠴᠢᠭᠯᠡᠬᠦ ᠨᠢ ᠯᠠᠪᠲᠠᠢ ᠶᠤᠮ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2