ᠰᠢᠨᠵᠢᠯᠡᠬᠦ ᠤᠬᠠᠭᠠᠨ ᠤ ᠲᠦᠭᠡᠮᠡᠯᠵᠢᠭᠦᠯᠦᠯᠲᠡ᠄ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠤᠨ ᠲᠤᠬᠠᠶ ᠳᠡᠯᠡᠬᠡᠶ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ ᠶᠢᠨ ᠳᠥᠷᠪᠡᠨ ᠠᠰᠠᠭᠤᠯᠲᠠ ᠳᠥᠷᠪᠡᠨ ᠬᠠᠷᠢᠭᠤᠯᠲᠠ
ᠨᠡᠶᠢᠲᠡᠯᠡᠭᠰᠡᠨ ᠴᠠᠭ᠄
2021/9/23
       ᠰᠢᠨᠬᠤᠸᠠ  ᠬᠤᠷᠢᠶᠠᠨ ᠤ  ᠪᠡᠭᠡᠵᠢᠩ ᠤᠨ  2  ᠰᠠᠷ᠎ᠠ ᠶᠢᠨ  2᠎ ᠤᠨ  ᠡᠳᠦᠷ ᠤᠨ  ᠮᠡᠳᠡᠭᠡ  ᠣᠳᠣᠬᠠᠨ ᠤ  ᠰᠢᠨ᠎ᠡ‌‍ᠬᠡᠯᠪᠡᠷᠢ ᠶᠢᠨ  ᠲᠢᠲᠢᠮᠯᠢᠭ  ᠸᠢᠷᠦ᠋ᠰ ᠠᠴᠠ  ᠬᠠᠯᠳᠠᠪᠤᠷᠢᠯᠠᠬᠰᠠᠨ  ᠠᠭᠤᠰᠬᠢᠨ   ᠦᠷᠪᠢᠰᠦᠯ ᠤᠨ   ᠬᠢᠵᠢᠭ ᠤᠨ   ᠪᠠᠶᠢᠳᠠᠯ ᠳ᠋ᠤ᠋‌ᠵᠤᠷᠢᠭᠤᠯᠤᠨ᠂  ᠳᠡᠯᠡᠬᠡᠢ ᠶᠢᠨ  ᠡᠷᠡᠭᠦᠯ  ᠬᠠᠮᠠᠭᠠᠯᠠᠯ ᠤᠨ  ᠵᠣᠬᠢᠶᠠᠨ  ᠪᠠᠶᠢᠭᠤᠯᠤᠯᠲᠠ ᠠᠴᠠ  ᠤᠢᠢᠷ᠎ᠠ ᠶᠢᠨ   ᠡᠳᠦᠷ   ᠠᠯᠪᠠᠨ‌‍ᠰᠦ᠋ᠯᠵᠢᠶ᠎ᠡ ᠳᠡᠭᠡᠨ ᠤᠯᠠᠨ ᠨᠡᠶᠢᠲᠡ ᠶᠢᠨ ᠨᠡᠶᠢᠳᠡᠮ ᠠᠩᠬᠠᠷᠴᠤ ᠪᠠᠶᠢᠭ᠎ᠠ ︽ᠨᠢᠶᠠᠨ ᠳᠠᠷᠤᠭᠴᠢ ᠨᠢ ᠰᠢᠨ᠎ᠡ ᠬᠡᠯᠪᠡᠷᠢ ᠶᠢᠨ ᠲᠢᠲᠢᠮᠯᠢᠭ‌‍ᠸᠢᠷᠦ᠋ᠰ ᠤᠨ ᠬᠠᠯᠳᠠᠪᠤᠷᠢᠯᠠᠯ ᠢ ᠤᠷᠢᠳᠴᠢᠯᠠᠨ ᠰᠡᠷᠭᠡᠶᠢᠯᠡᠬᠦ ᠪᠠ ᠡᠮᠨᠡᠨ ᠵᠠᠰᠠᠬᠤ ᠲᠠᠯ᠎ᠠ ᠪᠠᠷ ᠲᠤᠰᠠᠳᠠᠢ ᠤᠤ︾ ᠭᠡᠭᠦ ᠵᠡᠷᠭᠡ ᠳᠦᠷᠪᠡᠨ‌ᠠᠰᠠᠭᠤᠯᠳᠠ ᠶᠢ ᠬᠠᠷᠢᠭᠤᠯᠪᠠ᠃ ᠰᠢᠨᠬᠤᠸᠠ ᠬᠤᠷᠢᠶᠠᠨ ᠤ ᠰᠤᠷᠪᠤᠯᠵᠢᠯᠠᠭᠴᠢ ᠳᠣᠤᠷᠠᠬᠢ ᠮᠡᠲᠦ ᠡᠮᠬᠢᠯᠡᠪᠠ᠃       ᠠᠰᠠᠭᠤᠯᠳᠠ᠄ ᠨᠢᠶᠠᠨ ᠳᠠᠷᠤᠭᠴᠢ ᠨᠢ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠤᠨ ᠬᠠᠯᠳᠠᠪᠤᠷᠢᠯᠠᠯ ᠢ  ᠤᠷᠢᠳᠴᠢᠯᠠᠨ‌‍ᠰᠡᠷᠭᠡᠶᠢᠯᠡᠬᠦ ᠪᠠ ᠡᠮᠨᠡᠨ ᠵᠠᠰᠠᠬᠤ ᠲᠠᠯ᠎ᠠ ᠪᠠᠷ ᠲᠤᠰᠠᠳᠠᠢ ᠤᠤ︖       ᠬᠠᠷᠢᠭᠤᠯᠲᠠ᠄ ᠨᠢᠶᠠᠨ ᠳᠠᠷᠤᠭᠴᠢ ᠨᠢ ᠵᠦᠪᠭᠡᠨ ᠪᠠᠺᠲ᠋ᠧᠷᠢ ᠲᠠᠷᠤᠬᠤ ᠳᠤ ᠲᠤᠰᠠᠳᠠᠢ᠂ ᠸᠢᠷᠦ᠋ᠰ  ᠲᠠᠷᠤᠬᠤ ᠳᠤ  ᠲᠤᠰᠠ‌ᠭᠠᠷᠬᠤ ᠦᠭᠡᠢ ᠶᠤᠮ᠃ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠪᠣᠯ ᠨᠢᠭᠡ ᠵᠦᠢᠯ ᠤᠨ  ᠸᠢᠷᠦ᠋ᠰ  ᠪᠤᠯᠤᠨ᠎ᠠ᠂  ᠡᠶᠢᠮᠦ ᠡᠴᠠ‌ᠨᠢᠶᠠᠨ ᠳᠠᠷᠤᠭᠴᠢ ᠪᠠᠷ ᠤᠷᠢᠳᠴᠢᠯᠠᠨ ᠰᠡᠷᠭᠡᠶᠢᠯᠡᠬᠦ ᠪᠤᠶᠤ ᠡᠮᠨᠡᠨ ᠵᠠᠰᠠᠬᠤ ᠠᠷᠭ᠎ᠠ ᠪᠠᠷᠢᠯ ᠪᠣᠯᠭᠠᠵᠤ  ᠪᠣᠯᠬᠤ  ᠦᠭᠡᠶ᠃  ᠭᠡᠪᠡᠴᠦ‌‍ᠬᠡᠷᠪᠡ  ᠰᠢᠨ᠎ᠡ  ᠬᠡᠯᠪᠡᠷᠢ ᠶᠢᠨ  ᠲᠢᠲᠢᠮᠯᠢᠭ  ᠸᠢᠷᠦ᠋ᠰ ᠲᠤ  ᠬᠠᠯᠳᠠᠪᠤᠷᠢᠯᠠᠭᠳᠠᠬᠰᠠᠨ ᠠᠴᠠ  ᠪᠤᠯᠵᠤ  ᠡᠮᠨᠡᠯᠭᠡ ᠳᠤ   ᠰᠠᠭᠤᠪᠠᠯ᠂ᠡᠪᠡᠳᠴᠢᠲᠡᠨ ᠨᠢ ᠨᠢᠶᠠᠨ ᠳᠠᠷᠤᠭᠴᠢ ᠶᠢᠨ ᠡᠮᠴᠢᠯᠡᠭᠡ ᠶᠢ ᠬᠦᠯᠢᠶᠡᠬᠦ ᠪᠣᠯᠤᠯᠴᠠᠭ᠎ᠠ ᠲᠠᠢ᠂ ᠤᠴᠢᠷ ᠨᠢ ᠬᠠᠮᠲᠤ ᠳᠤᠨᠢ ᠪᠠᠺᠲ᠋ᠧᠷᠢ ᠳ᠋ᠤ᠋‌ᠬᠠᠯᠳᠠᠪᠤᠷᠢᠯᠠᠬᠳᠠᠬᠰᠠᠨ ᠪᠠᠶᠢᠵᠤ ᠮᠡᠳᠡᠨ᠎ᠠ᠃        ᠠᠰᠠᠭᠤᠯᠲᠠ᠄ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠤᠨ ᠬᠠᠯᠳᠠᠪᠤᠷᠢᠯᠠᠯ ᠢ ᠤᠷᠢᠳᠴᠢᠯᠠᠨ ᠰᠡᠷᠭᠡᠶᠢᠯᠡᠬᠦ ᠪᠠ ᠡᠮᠨᠡᠨ‌ᠵᠠᠰᠠᠬᠤ ᠲᠤᠰᠬᠠᠢ ᠡᠮ ᠪᠠᠶᠢᠨ᠎ᠠ ᠤᠤ︖         ᠬᠠᠷᠢᠭᠤᠯᠲᠠ᠄ ᠣᠳᠣᠬᠠᠨ ᠪᠣᠯᠲᠠᠯ᠎ᠠ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠤᠨ  ᠬᠠᠯᠳᠠᠪᠤᠷᠢᠯᠠᠯ ᠢ  ᠤᠷᠢᠳᠴᠢᠯᠠᠨ‌‍ᠰᠡᠷᠭᠡᠶᠢᠯᠡᠬᠦ ᠪᠠ ᠡᠮᠨᠡᠨ ᠵᠠᠰᠠᠬᠤ ᠳᠤ ᠲᠤᠰᠬᠠᠢ ᠬᠡᠷᠡᠭᠯᠡᠭᠦ ᠡᠮ ᠪᠠᠶᠢᠬᠤ ᠦᠭᠡᠢ  ᠪᠠᠶᠢᠭᠰᠠᠭᠠᠷ᠃  ᠵᠠᠷᠢᠮ  ᠣᠨᠴᠠ  ᠲᠣᠭᠲᠠᠭᠰᠠᠨ‌ᠡᠮᠨᠡᠬᠦ ᠠᠷᠭ᠎ᠠ ᠶᠢ ᠶᠠᠭ ᠰᠤᠳᠤᠯᠵᠤ ᠪᠠᠶᠢᠬᠤ ᠪᠥᠭᠡᠳ ᠡᠮᠴᠢᠯᠡᠭᠡᠨ ᠤ ᠲᠤᠷᠰᠢᠯᠲᠠ ᠪᠠᠷ ᠳᠠᠮᠵᠢᠨ ᠲᠤᠷᠰᠢᠵᠤ ᠦᠵᠡᠭᠦ  ᠪᠣᠯᠤᠨ᠎ᠠ᠃ᠳᠡᠯᠡᠬᠡᠢ ᠶᠢᠨ ᠡᠷᠡᠭᠦᠯ ᠬᠠᠮᠠᠭᠠᠯᠠᠯ ᠤᠨ ᠵᠣᠬᠢᠶᠠᠨ  ᠪᠠᠶᠢᠭᠤᠯᠤᠯᠲᠠ  ᠶᠠᠭ  ᠬᠠᠮᠲᠤᠷᠠᠠ  ᠠᠵᠢᠯᠯᠠᠬᠤ  ᠬᠠᠨᠢᠲᠠᠨ ᠲᠠᠢ  ᠬᠠᠮᠲᠤ ᠪᠠᠷ‌‍ᠰᠤᠳᠤᠯᠭᠠᠨ ᠪᠠ ᠨᠡᠭᠡᠭᠡᠨ ᠬᠥᠭᠵᠢᠭᠦᠯᠬᠦ ᠠᠵᠢᠯ ᠢ ᠬᠠᠪᠰᠤᠷᠤᠨ ᠲᠦᠷᠭᠡᠳᠬᠡᠵᠦ ᠪᠠᠶᠢᠨ᠎ᠠ᠃         ᠠᠰᠠᠭᠤᠯᠳᠠ᠄  ᠰᠢᠨ᠎ᠡ  ᠬᠡᠯᠪᠡᠷᠢ ᠶᠢᠨ  ᠲᠢᠲᠢᠮᠯᠢᠭ  ᠸᠢᠷᠦ᠋ᠰ ᠨᠢ   ᠵᠥᠪᠬᠡᠨ   ᠨᠠᠰᠤ   ᠠᠬᠢᠭᠰᠠᠨ   ᠬᠥᠮᠦᠨ ᠳ᠋ᠤ᠋‌ᠬᠠᠯᠳᠠᠪᠤᠷᠢᠯᠠᠳᠠᠬ ᠤᠤ︖ ᠵᠠᠯᠠᠭᠤ ᠬᠥᠮᠦᠨ ᠳᠤ ᠪᠠᠰᠠ ᠠᠮᠠᠷᠬᠠᠨ ᠬᠠᠯᠳᠠᠪᠤᠷᠢᠯᠠᠭᠳᠠᠨ᠎ᠠ ᠤᠤ︖       ᠬᠠᠷᠢᠭᠤᠯᠲᠠ᠄  ᠪᠣᠢ  ᠪᠦᠬᠦᠢ  ᠨᠠᠰᠤᠨ ᠤ  ᠬᠥᠮᠦᠰ  ᠪᠦᠷ   ᠰᠢᠨ᠎ᠡ   ᠬᠡᠯᠪᠡᠷᠢ ᠶᠢᠨ   ᠲᠢᠲᠢᠮᠯᠢᠭ   ᠸᠢᠷᠦ᠋ᠰ ᠲᠤ᠋‌ᠬᠠᠯᠳᠠᠪᠤᠷᠢᠯᠠᠬᠳᠠᠵᠤ ᠮᠡᠳᠡᠨ᠎ᠡ᠃ ᠨᠠᠰᠤ ᠠᠬᠢᠭᠰᠠᠨ ᠪᠠ ᠬᠢᠷᠬᠢᠷ᠎ᠡ᠂ ᠰᠢᠬᠢᠷ ᠰᠢᠵᠢᠩ ᠡᠪᠡᠳᠴᠢᠨ᠂  ᠵᠢᠷᠦᠬᠡᠨ  ᠡᠪᠡᠳᠴᠢᠨ  ᠵᠡᠷᠭᠡ‌ᠡᠪᠡᠳᠴᠢᠨ ᠲᠠᠢ ᠬᠥᠮᠦᠨ ᠤ ᠲᠣᠰ ᠸᠢᠷᠦ᠋ᠰ ᠲᠤ ᠬᠠᠯᠳᠠᠪᠤᠷᠢᠯᠠᠭᠳᠠᠬᠤ ᠪᠣᠯᠤᠯᠴᠠᠭ᠎ᠠ ᠨᠢ ᠨᠠᠩ ᠶᠡᠭᠡ ᠶᠤᠮ᠃        ᠳᠡᠯᠡᠬᠡᠶ ᠶᠢᠨ ᠡᠷᠡᠭᠦᠯ ᠬᠠᠮᠠᠭᠠᠯᠠᠯ ᠤᠨ ᠵᠣᠬᠢᠶᠠᠨ  ᠪᠠᠶᠢᠭᠤᠯᠤᠯᠲᠠ ᠠᠴᠠ  ᠪᠤᠶ  ᠪᠦᠬᠦᠢ  ᠨᠠᠰᠤᠨ ᠤ  ᠬᠥᠮᠦᠰ  ᠠᠷᠭ᠎ᠠ‌‍ᠬᠡᠮᠵᠢᠶ᠎ᠡ ᠠᠪᠴᠤ ᠥᠪᠡᠷ ᠢ ᠪᠠᠨ ᠬᠠᠮᠠᠭᠠᠯᠠᠨ ᠸᠢᠷᠦ᠋ᠰ ᠲᠤ ᠬᠠᠯᠳᠠᠪᠤᠷᠢᠯᠠᠬᠳᠠᠬᠤ ᠠᠴᠠ ᠬᠢᠴᠢᠶᠡᠭᠦ  ᠬᠡᠷᠡᠭᠲᠡᠶ  ᠭᠡᠵᠦ  ᠰᠠᠨᠠᠭᠤᠯᠵᠤ‌‍ᠪᠠᠶᠢᠨ᠎ᠠ᠂ ᠵᠢᠱᠢᠶᠡᠯᠡᠪᠡᠯ ᠭᠠᠷ ᠪᠠ ᠠᠮᠢᠰᠬᠤᠯ ᠤᠨ ᠵᠠᠮ ᠤᠨ ᠠᠷᠢᠭᠤᠨ ᠴᠡᠪᠡᠷ ᠢᠶᠠᠨ ᠪᠠᠳᠤᠯᠠᠬᠤ  ᠰᠠᠶᠢᠨ  ᠲᠠᠳᠬᠠᠯ ᠲᠠᠢ  ᠪᠤᠯᠬᠤ‌ᠵᠡᠷᠭᠡ ᠪᠤᠯᠤᠨ᠎ᠠ᠃       ᠠᠰᠠᠭᠤᠯᠳᠠ᠄ ᠡᠩᠭᠦᠷᠡᠢ ᠠᠮᠢᠳᠠᠨ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠢ ᠲᠠᠷᠬᠠᠭᠠᠳᠠᠬ ᠤᠤ︖       ᠬᠠᠷᠢᠭᠤᠯᠲᠠ᠄ ᠣᠳᠣᠬᠠᠨ ᠳᠤ ᠨᠣᠬᠠᠶ ᠮᠤᠤᠷ ᠵᠡᠷᠭᠡ ᠡᠩᠬᠦᠷᠡᠶ ᠠᠮᠢᠲᠠᠨ ᠳᠤ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ‌ᠬᠠᠯᠳᠠᠪᠤᠷᠢᠯᠠᠵᠤ  ᠴᠢᠳᠠᠬᠤ ᠶᠢ  ᠭᠡᠷᠡᠴᠢᠯᠡᠬᠦ  ᠭᠡᠷᠡᠴᠢ  ᠪᠠᠷᠢᠮᠲᠠ  ᠥᠬᠡᠶ  ᠪᠠᠶᠢᠬᠰᠠᠭᠠᠷ᠃  ᠬᠡᠪᠡᠴᠤ  ᠡᠩᠬᠦᠷᠡᠶ  ᠠᠮᠢᠲᠠᠨ ᠲᠠᠢ‌‍ᠬᠦ᠋ᠷᠦᠯᠴᠡᠭᠰᠡᠨ ᠤ ᠳᠠᠷᠠᠭ᠎ᠠ᠂ ᠰᠠᠪᠤᠩ ᠪᠣᠯᠤᠨ ᠤᠰᠤ ᠪᠠᠷ ᠭᠠᠷ ᠢᠶᠠᠨ  ᠤᠬᠢᠶᠠᠪᠠᠯ  ᠶᠡᠷᠦ ᠨᠢ  ᠠᠰᠢᠭᠲᠠᠶ  ᠪᠠᠶᠢᠳᠠᠭ᠂  ᠡᠨᠡ ᠨᠢ‌‍ᠪᠤᠰᠤᠳ ᠪᠠᠶᠢᠩᠭᠤ ᠲᠣᠬᠢᠶᠠᠯᠳᠤᠳᠠᠭ ᠪᠠᠺᠲ᠋ᠧᠷᠢ ᠶᠢᠨ ᠡᠩᠬᠦᠷᠡᠶ ᠠᠮᠢᠲᠠᠨ ᠪᠠ ᠬᠥᠮᠦᠨ ᠲᠥᠷᠥᠯᠬᠢᠲᠡᠨ ᠤ ᠬᠤᠭᠤᠷᠤᠠᠳᠤ  ᠲᠠᠮᠵᠢᠵᠤ‌‍ᠲ᠋ᠠᠷᠬᠠᠬᠤ ᠶᠢ ᠢᠯᠡᠳᠲᠡ ᠪᠠᠭᠠᠰᠬᠠᠵᠤ ᠴᠢᠳᠠᠨ᠎ᠠ᠂ ᠵᠢᠱᠢᠶᠡᠯᠡᠪᠡᠯ ᠪᠦᠳᠦᠭᠦᠨ ᠭᠡᠳᠡᠰᠦᠨ ᠤ ᠰᠠᠪᠬᠠᠨᠴᠢᠷ ᠪᠠᠺᠲ᠋ᠧᠷᠢ  ᠪᠠ  ᠰᠠᠯᠮᠤᠨᠧᠯ ᠪᠠᠺᠲ᠋ᠧᠷᠢ ᠵᠡᠷᠭᠡ ᠪᠤᠯᠤᠨ᠎ᠠ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2