ᠦᠨᠳᠦᠰᠦᠨ ᠨᠠᠰᠤᠵᠢᠯ ᠤᠨ ᠠᠰᠠᠷᠠᠮᠵᠢ ᠶᠢᠨ ᠳᠠᠭᠠᠳᠬᠠᠯ ᠪᠠ ᠰᠠᠭᠤᠭᠠᠯᠢ ᠠᠷᠠᠳ ᠤᠨ ᠨᠠᠰᠤᠵᠢᠯ ᠤᠨ ᠳᠠᠭᠠᠳᠬᠠᠯ ᠢ ᠬᠡᠷᠬᠢᠨ ᠢᠯᠭᠠᠬᠤ ᠪᠣᠶ︖
ᠨᠡᠶᠢᠲᠡᠯᠡᠭᠰᠡᠨ ᠴᠠᠭ᠄
2021/9/23
       6 ᠰᠠᠷ᠎ᠠ ᠶᠢᠨ ᠳᠤᠮᠳᠠᠴᠢ ᠪᠠᠷ᠂ ᠪᠡᠭᠡᠵᠢᠩ ᠬᠤᠲᠠ ᠶᠢᠨ ᠬᠥᠮᠦᠨ ᠤ ᠬᠦᠴᠦᠨ ᠤ ᠡᠬᠢ  ᠪᠠᠶᠠᠯᠢᠭ  ᠪᠠ  ᠨᠡᠶᠢᠭᠡᠮ ‍ᠤᠨ‌‍ᠪᠠᠲᠤᠯᠠᠭ᠎ᠠ ᠶᠢᠨ ᠲᠣᠪᠴᠢᠶ᠎ᠠ ᠲᠣᠰ  ᠬᠤᠲᠠ ᠶᠢᠨ  2021  ᠣᠨ ᠤ  ᠬᠤᠯᠪᠣᠭᠳᠠᠯ  ᠪᠥᠬᠦᠶ  ᠨᠡᠶᠢᠭᠡᠮ ᠤᠨ  ᠪᠠᠲᠤᠯᠠᠭ᠎ᠠ ᠵᠢᠨ‌ᠬᠠᠷᠠᠭᠠᠯᠵᠠᠯ ᠤᠨ ᠪᠠᠷᠢᠮᠵᠢᠶ᠎ᠠ ᠳᠤ ᠨᠢᠭᠡᠳᠦᠯᠳᠡᠢ ᠲᠣᠬᠢᠷᠠᠭᠤᠯᠤᠯᠲᠠ  ᠬᠢᠬᠦ  ᠲᠥᠰᠦᠯ ᠢ  ᠨᠡᠶᠢᠲᠡᠯᠡᠪᠡ᠂  ᠡᠭᠦᠨ ᠳᠤ  ᠦᠨᠳᠦᠰᠦᠨ‌ᠨᠠᠰᠤᠵᠢᠯ ᠤᠨ ᠠᠰᠠᠷᠠᠮᠵᠢ ᠶᠢᠨ ᠮᠥᠩᠭᠦ᠂ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠰᠠᠭᠤᠷᠢ ᠨᠠᠰᠤᠵᠢᠯ ᠤᠨ ᠠᠰᠠᠷᠠᠮᠵᠢ ᠵᠢᠨ‌ᠮᠥ᠋ᠩᠭᠦ ᠪᠠ ᠠᠰᠠᠷᠠᠮᠵᠢ ᠶᠢᠨ ᠴᠢᠨᠠᠷᠳᠠᠢ ᠨᠠᠰᠤᠵᠢᠯ ᠤᠨ ᠠᠰᠠᠷᠠᠮᠵᠢ ᠶᠢᠨ  ᠮᠥᠩᠭᠦ  ᠵᠡᠷᠭᠡ ᠶᠢᠨ  ᠬᠠᠷᠠᠭᠠᠯᠵᠠᠯ ᠤᠨ  ᠪᠠᠷᠢᠮᠵᠢᠶ᠎ᠠ ᠵᠢ‌ᠨᠢᠭᠡᠳᠦᠯᠳᠡᠢ ᠳᠡᠭᠡᠭᠰᠢᠯᠡᠭᠦᠯᠬᠦ ᠶᠠᠪᠤᠳᠠᠯ ᠢ ᠪᠠᠭᠳᠠᠭᠠᠵᠠᠢ᠃ ᠳᠠᠭᠠᠳᠬᠠᠯ ᠳᠤ  ᠣᠷᠣᠯᠴᠠᠭᠰᠠᠨ  ᠵᠠᠷᠢᠮ  ᠬᠥᠮᠦᠰ ᠨᠢ  ᠦᠨᠳᠦᠰᠦᠨ‌ᠨᠠᠰᠤᠵᠢᠯ ᠤᠨ ᠠᠰᠠᠷᠠᠮᠵᠢ ᠶᠢᠨ ᠮᠥᠩᠭᠦ᠂ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠰᠠᠭᠤᠷᠢ ᠨᠠᠰᠤᠵᠢᠯ ᠤᠨ ᠠᠰᠠᠷᠠᠮᠵᠢ ᠵᠢᠨ‌ᠮᠥ᠋ᠩᠭᠦ ᠭᠡᠬᠦ ᠡᠨᠡ ᠬᠤᠶᠠᠷ ᠤᠬᠠᠭᠳᠠᠬᠤᠨ ᠢ ᠳᠡᠮᠡᠶ  ᠣᠶᠢᠯᠠᠭᠠᠬᠤ  ᠦᠭᠡᠶ  ᠪᠠᠶᠢᠬᠤ  ᠪᠦᠭᠡᠳ  ᠥᠪᠡᠷ ᠤᠨ  ᠪᠡᠶ᠎ᠡ ᠨᠢ  ᠶᠠᠮᠠᠷ‌‍ᠲ᠋ᠠᠭᠠᠳᠬᠠᠯ ᠤᠨ ᠲᠥᠷᠥᠯ ᠵᠦᠢᠯ ᠳᠤ ᠬᠠᠷᠢᠶᠠᠯᠠᠭᠳᠠᠬᠤ ᠪᠠᠨ ᠴᠤ ᠮᠡᠳᠡᠬᠦ ᠦᠭᠡᠶ ᠪᠠᠶᠢᠨ᠎ᠠ᠃ ᠠᠳᠡ ᠨᠢᠭᠡ ᠳᠥᠭᠦᠮ  ᠵᠠᠳᠠᠯᠤᠯᠲᠠ‌‍ᠬᠢᠵᠦ ᠦᠭᠭᠦᠶ᠎ᠡ᠃        ᠡᠩ  ᠲᠡᠷᠢᠭᠦᠨ ᠳᠤ᠂  ᠦᠨᠳᠦᠰᠦᠨ  ᠨᠠᠰᠤᠵᠢᠯ ᠤᠨ  ᠠᠰᠠᠷᠠᠮᠵᠢ ᠶᠢᠨ  ᠳᠠᠭᠠᠳᠬᠠᠯ  ᠪᠠ  ᠰᠠᠭᠤᠭᠠᠯᠢ  ᠠᠷᠠᠳ ‍ᠤᠨ‌ᠨᠠᠰᠤᠵᠢᠯ ᠤᠨ  ᠠᠰᠠᠷᠠᠮᠵᠢ ᠶᠢᠨ  ᠳᠠᠭᠠᠳᠬᠠᠯ ᠳᠤ  ᠣᠷᠣᠯᠴᠠᠬᠤ  ᠡᠲᠡᠭᠡᠳ ᠨᠢ  ᠠᠳᠠᠯᠢ  ᠥᠬᠡᠶ  ᠪᠠᠶᠢᠳᠠᠭ᠃   ᠦᠨᠳᠦᠰᠦᠨ‌ᠨᠠᠰᠤᠵᠢᠯ ᠤᠨ ᠳᠠᠭᠠᠳᠬᠠᠯ ᠳᠤ ᠣᠷᠣᠯᠴᠠᠬᠤ ᠡᠲᠡᠭᠡᠳ ᠪᠣᠯ ᠲᠤᠰ ᠬᠤᠲᠠ ᠶᠢᠨ  ᠵᠠᠰᠠᠭ  ᠵᠠᠬᠢᠷᠭᠠᠨ ᠤ  ᠣᠷᠣᠨ ᠤ  ᠳᠣᠲᠣᠷᠠᠬᠢ‌ᠠᠵᠤ ᠠᠬᠤᠶᠢᠯᠠᠯ ᠪᠣᠯᠤᠨ ᠲᠡᠭᠦᠨ ᠯᠦᠭᠡ  ᠬᠥᠳᠡᠯᠮᠦᠷᠢ ᠶᠢᠨ  ᠬᠠᠷᠢᠴᠠᠭ᠎ᠠ  ᠪᠦᠷᠢᠯᠳᠦᠭᠰᠡᠨ  ᠬᠤᠲᠠ  ᠪᠠᠯᠭᠠᠰᠤᠨ ᠤ  ᠠᠵᠢᠯᠲᠠᠨ‌ᠠᠵᠢᠯᠴᠢᠨ᠂ ᠬᠤᠲᠠ ᠪᠠᠯᠭᠠᠰᠤᠨ ᠤ ᠬᠤᠪᠢ ᠶᠢᠨ ᠦᠢᠯᠡᠳᠪᠦᠷᠢ ᠬᠤᠳᠠᠯᠳᠤᠭᠠᠨ ᠤ  ᠡᠷᠦᠬᠡ  ᠪᠣᠯᠤᠨ  ᠠᠮᠢᠳᠤᠯᠢᠭ ᠢᠶᠠᠷ  ᠠᠵᠢᠯ‌ᠣᠯᠤᠭᠰᠠᠳ ᠪᠣᠯᠤᠨ᠎ᠠ᠃ ᠲᠣᠰ ᠬᠤᠲᠠ ᠶᠢᠨ ᠬᠤᠲᠠ ᠬᠥᠳᠡᠭᠡ ᠶᠢᠨ ᠰᠠᠭᠤᠭᠠᠯᠢ  ᠠᠷᠠᠳ ᠤᠨ  ᠨᠠᠰᠤᠵᠢᠯ ᠤᠨ  ᠠᠰᠠᠷᠠᠮᠵᠢ ᠵᠢᠨ‌‍ᠲ᠋ᠠᠭᠠᠳᠬᠠᠯ ᠳᠤ ᠣᠷᠣᠯᠴᠠᠬᠤ ᠡᠲᠡᠭᠡᠳ ᠪᠤᠯ  ᠡᠷᠬᠡᠪᠰᠢ  ᠲᠣᠰ  ᠬᠤᠲᠠ ᠶᠢᠨ  ᠡᠷᠦᠬᠡ  ᠠᠮᠠ ᠲᠠᠢ᠂  ᠪᠦᠬᠦᠯᠢ  16  ᠨᠠᠰᠤ︵ᠰᠤᠷᠭᠠᠭᠤᠯᠢ ᠳᠤ  ᠪᠠᠶᠢᠭ᠎ᠠ  ᠰᠣᠷᠣᠭᠴᠢ  ᠪᠠᠭᠲᠠᠬᠤ  ᠥᠬᠡᠶ︶᠎ ᠲᠠᠢ᠂  ᠲᠣᠰ  ᠬᠤᠲᠠ ᠶᠢᠨ   ᠦᠨᠳᠦᠰᠦᠨ   ᠨᠠᠰᠤᠵᠢᠯ ‍ᠤᠨ‌ᠠᠰᠠᠷᠠᠮᠵᠢ ᠶᠢᠨ ᠳᠠᠭᠠᠳᠬᠠᠯ ᠳᠤ ᠣᠷᠣᠯᠴᠠᠭᠰᠠᠨ ᠥᠬᠡᠶ ᠬᠤᠲᠠ ᠬᠥᠳᠡᠭᠡ ᠶᠢᠨ ᠰᠠᠭᠤᠭᠠᠯᠢ ᠠᠷᠠᠳ ᠪᠠᠶᠢᠬᠤ ᠬᠡᠷᠡᠭᠲᠡᠶ᠃        ᠳᠠᠷᠠᠭᠠᠯᠠᠪᠠᠯ᠂ ᠰᠦᠢᠳᠭᠡᠯ ᠲᠤᠰᠢᠶᠠᠬᠤ ᠠᠷᠭ᠎ᠠ ᠮᠠᠶ᠋ᠢᠭ ᠪᠠ ᠪᠠᠷᠢᠮᠵᠢᠶ᠎ᠠ ᠨᠢ ᠠᠳᠠᠯᠢ ᠥᠬᠡᠶ ᠪᠠᠶᠢᠳᠠᠭ᠃  ᠦᠨᠳᠦᠰᠦᠨ‌ᠨᠠᠰᠤᠵᠢᠯ ᠤᠨ ᠠᠰᠠᠷᠠᠮᠵᠢ ᠶᠢᠨ ᠳᠠᠭᠠᠳᠬᠠᠯ ᠤᠨ ᠰᠦᠢᠳᠭᠡᠯ ᠲᠤᠰᠢᠶᠠᠬᠤ ᠪᠠᠷᠢᠮᠵᠢᠶ᠎ᠠ ᠪᠣᠯ ᠲᠤᠰ ᠬᠥᠮᠦᠨ ᠤ ᠴᠠᠯᠢᠩ ᠤᠨ ᠵᠣᠬᠢᠬᠤ‌ᠬᠠᠷᠢᠴᠠᠯ ᠢᠶᠠᠷ ᠰᠠᠷ᠎ᠠ ᠪᠠᠷ ᠲᠤᠰᠢᠶᠠᠨ᠎ᠠ᠃  ᠬᠤᠲᠠ  ᠬᠥᠳᠡᠭᠡ ᠶᠢᠨ  ᠰᠠᠭᠤᠭᠠᠯᠢ  ᠠᠷᠠᠳ ᠤᠨ  ᠨᠠᠰᠤᠵᠢᠯ ᠤᠨ  ᠠᠰᠠᠷᠠᠮᠵᠢ ᠵᠢᠨ‌‍ᠲ᠋ᠠᠭᠠᠳᠬᠠᠯ  ᠪᠣᠯ  ᠳᠠᠭᠠᠳᠬᠠᠯ ᠳᠤ  ᠣᠷᠣᠯᠴᠠᠭᠰᠠᠳ  ᠎ ᠨᠢ  ᠥᠪᠡᠷ ᠤᠨ  ᠠᠵᠤ  ᠠᠬᠤᠶ ᠶᠢᠨ  ᠳᠠᠭᠠᠭᠠᠬᠤ  ᠴᠢᠳᠠᠪᠤᠷᠢ  ᠪᠡᠨ‌ᠦᠨᠳᠦᠰᠦᠯᠡᠨ ᠵᠢᠯ ᠪᠦᠷᠢ ᠶᠢᠨ ᠨᠡᠶᠢᠲᠡᠯᠡᠭᠰᠡᠨ ᠰᠦᠢᠳᠬᠡᠯ ᠲᠤᠰᠢᠶᠠᠬᠤ ᠬᠠᠮᠤᠭ ᠤᠨ  ᠨᠠᠭᠠᠳᠤ  ᠵᠠᠬ᠎ᠠ  ᠎ ᠶᠢᠨ  ᠪᠠ  ᠬᠠᠮᠤᠭ ‍ᠤᠨ‌ᠥᠨᠳᠥᠷ ᠪᠠᠷᠢᠮᠵᠢᠶ᠎ᠠ ᠶᠢᠨ ᠲᠤᠳᠤᠷᠠᠬᠢ ᠳᠤᠷ᠎ᠠ ᠶᠢᠨ  ᠨᠢᠭᠡ  ᠪᠠᠷᠢᠮᠵᠢᠶ᠎ᠠ ᠶᠢ  ᠰᠣᠩᠭᠤᠬᠤ ᠶᠢᠨ  ᠬᠠᠮᠲᠤ  ᠵᠢᠯ ᠢᠶᠠᠷ  ᠰᠦᠢᠳᠬᠡᠯ‌‍ᠲ᠋ᠤᠰᠢᠶᠠᠨ᠎ᠠ᠃        ᠲᠠᠬᠢᠪᠠᠯ᠂ ᠬᠦᠷᠳᠡᠬᠦ ᠬᠠᠷᠠᠭᠠᠯᠵᠠᠯ ᠨᠢ ᠠᠳᠠᠯᠢ  ᠦᠭᠡᠢ  ᠪᠠᠶᠢᠳᠠᠭ᠃  ᠦᠨᠳᠦᠰᠦᠨ  ᠨᠠᠰᠤᠵᠢᠯ ᠤᠨ  ᠠᠰᠠᠷᠠᠮᠵᠢ ᠵᠢᠨ‌‍ᠲ᠋ᠠᠭᠠᠳᠬᠠᠯ ᠴᠤ ᠲᠡᠷᠡ᠂ ᠰᠠᠭᠤᠭᠠᠯᠢ ᠠᠷᠠᠳ ᠤᠨ ᠨᠠᠰᠤᠵᠢᠯ ᠤᠨ  ᠠᠰᠠᠷᠠᠮᠵᠢ ᠶᠢᠨ  ᠳᠠᠭᠠᠳᠬᠠᠯ  ᠴᠤ  ᠲᠡᠷᠡ᠂  ᠨᠠᠰᠤᠵᠢᠯ ‍ᠤᠨ‌ᠠᠰᠠᠷᠠᠮᠵᠢ ᠶᠢᠨ ᠬᠠᠷᠠᠭᠠᠯᠵᠠᠯ ᠢ ᠪᠤᠳᠤᠬᠤ ᠳᠤ ᠴᠥᠮ ᠨᠡᠯᠢᠶᠡᠳ ᠪᠤᠳᠤᠯᠢᠶᠠᠨᠲᠠᠶ  ᠪᠠᠶᠢᠳᠠᠭ᠂  ᠬᠠᠮᠤᠭ ᠤᠨ  ᠡᠴᠦᠰ ᠤᠨ  ᠠᠪᠬᠤ‌ᠵᠤᠭᠤᠰᠤᠨ ᠲᠤᠭ᠎ᠠ ᠬᠡᠮᠵᠢᠶ᠎ᠡ ᠨᠢ ᠵᠢᠯ ᠪᠦᠷᠢ ᠶᠢᠨ ᠴᠠᠯᠢᠩ ᠤᠨ  ᠬᠢᠷᠢ  ᠲᠦᠪᠰᠢᠨ᠂  ᠰᠦᠢᠳᠭᠡᠯ  ᠲᠤᠰᠢᠶᠠᠭᠰᠠᠨ  ᠵᠣᠭᠤᠰ ‍ᠤᠨ‌‍ᠲ᠋ᠤᠭ᠎ᠠ᠂ ᠰᠦᠢᠳᠭᠡᠯ ᠲᠤᠰᠢᠶᠠᠭᠰᠠᠨ ᠤᠨ ᠵᠢᠯ᠂ ᠬᠦᠦ ᠮᠥᠩᠭᠦ ᠶᠢᠨ ᠨᠣᠷᠮ᠎ᠠ  ᠵᠡᠷᠭᠡ  ᠠᠯᠢ  ᠣᠯᠠᠨ  ᠬᠦᠴᠦᠨ  ᠵᠦᠢᠯ  ᠲᠠᠢ‌ᠬᠤᠯᠪᠣᠭ᠎ᠠ ᠲᠠᠢ ᠪᠠᠶᠢᠳᠠᠭ᠃ ᠬᠤᠲᠠ ᠬᠥᠳᠡᠭᠡ ᠶᠢᠨ ᠰᠠᠭᠤᠭᠠᠯᠢ ᠠᠷᠠᠳ ᠤᠨ  ᠨᠠᠰᠤᠵᠢᠯ ᠤᠨ  ᠠᠰᠠᠷᠠᠮᠵᠢ ᠶᠢᠨ  ᠳᠠᠭᠠᠳᠬᠠᠯ ‍ᠤᠨ‌ᠬᠠᠷᠠᠭᠠᠯᠵᠠᠯ ᠪᠣᠯ ᠬᠤᠪᠢ ᠬᠥᠮᠦᠨ ᠤ ᠲᠠᠩᠰᠠᠨ ᠡᠷᠦᠬᠡ ᠶᠢᠨ ᠨᠠᠰᠤᠵᠢᠯ ᠤᠨ ᠠᠰᠠᠷᠠᠮᠵᠢ ᠶᠢᠨ ᠮᠥᠩᠭᠦ ᠪᠠ ᠨᠠᠰᠤᠵᠢᠯ ᠤᠨ ᠰᠠᠭᠤᠷᠢ‌ᠠᠰᠠᠷᠠᠮᠵᠢ ᠶᠢᠨ ᠮᠥᠩᠭᠦ ᠭᠡᠬᠦ ᠬᠤᠶᠠᠷ ᠬᠡᠰᠡᠭ ᠢᠶᠠᠷ  ᠪᠦᠷᠢᠯᠳᠦᠳᠡᠭ᠃  ᠨᠠᠰᠤᠵᠢᠯ ᠤᠨ  ᠠᠰᠠᠷᠠᠮᠵᠢ ᠶᠢᠨ  ᠰᠠᠭᠤᠷᠢ  ᠮᠥᠩᠭᠦ ᠵᠢᠨ‌‍ᠪᠠᠷᠢᠮᠵᠢᠶ᠎ᠠ ᠨᠢ ᠪᠦᠬᠦ ᠬᠤᠲᠠ ᠪᠠᠷ ᠢᠶᠠᠨ ᠨᠢᠭᠡᠳᠦᠯᠲᠡᠶ ᠪᠠᠶᠢᠳᠠᠭ᠂  ᠬᠤᠪᠢ  ᠬᠥᠮᠦᠨ ᠤ  ᠳᠠᠩᠰᠠᠨ  ᠡᠷᠦᠬᠡ ᠶᠢᠨ  ᠨᠠᠰᠤᠵᠢᠯ ‍ᠤᠨ‌ᠠᠰᠠᠷᠠᠮᠵᠢ ᠶᠢᠨ  ᠮᠥᠩᠭᠦ  ᠪᠣᠯ   ᠳᠠᠭᠠᠳᠬᠠᠯ ᠳᠤ   ᠣᠷᠣᠯᠴᠠᠭᠰᠠᠳ ᠤᠨ   ᠥᠩᠭᠡᠷᠡᠭᠰᠡᠨ   ᠵᠢᠯ ᠤᠳ ᠤᠨ   ᠲᠤᠰᠢᠶᠠᠭᠰᠠᠨ‌‍ᠲ᠋ᠠᠭᠠᠳᠬᠠᠯ ᠤᠨ ᠰᠦᠢᠳᠭᠡᠯ ᠵᠢᠴᠢ ᠬᠦᠦ  ᠮᠥᠩᠭᠦ ᠶᠢ  ᠤᠯᠤᠰ ᠠᠴᠠ  ᠲᠣᠭᠲᠠᠭᠠᠭᠰᠠᠨ  ᠣᠯᠭᠤᠬᠤ  ᠰᠠᠷ᠎ᠠ ᠶᠢᠨ  ᠲᠤᠭ᠎ᠠ ᠪᠠᠷ‌‍ᠪᠣᠳᠣᠵᠤ ᠭᠠᠷᠭᠠᠳᠠᠭ ᠪᠣᠯᠬᠤᠷ ᠢᠯᠡᠭᠦᠦ ᠲᠤᠰᠢᠶᠠᠪᠠᠯ ᠢᠯᠡᠭᠦᠦ ᠣᠯᠤᠨ᠎ᠠ᠃        ᠭᠡᠪᠡᠴᠦ ᠣᠳᠣᠬᠠᠨ ᠤ  ᠨᠡᠶᠢᠳᠡᠮ ᠤᠨ  ᠪᠠᠶᠢᠳᠠᠯ ᠠᠴᠠ  ᠦᠵᠡᠪᠡᠯ᠂  ᠦᠨᠳᠦᠰᠦᠨ  ᠨᠠᠰᠤᠵᠢᠯ ᠤᠨ  ᠠᠰᠠᠷᠠᠮᠵᠢ ᠵᠢᠨ‌‍ᠲ᠋ᠠᠭᠠᠳᠬᠠᠯ ᠤᠨ ᠬᠠᠷᠠᠭᠠᠯᠵᠠᠯ ᠨᠢ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠨᠠᠰᠤᠵᠢᠯ ᠤᠨ ᠠᠰᠠᠷᠠᠮᠵᠢ ᠶᠢᠨ ᠳᠠᠭᠠᠳᠬᠠᠯ ‍ᠤᠨ‌ᠬᠠᠷᠠᠭᠠᠯᠵᠠᠯ ᠠᠴᠠ ᠥᠨᠳᠥᠷ ᠪᠠᠶᠢᠨ᠎ᠠ᠃ ᠭᠤᠤᠯ ᠰᠢᠯᠲᠠᠭᠠᠨ ᠨᠢ ᠦᠨᠳᠦᠰᠦᠨ ᠨᠠᠰᠤᠵᠢᠯ ᠤᠨ  ᠠᠰᠠᠷᠠᠮᠵᠢ ᠶᠢᠨ  ᠳᠠᠭᠠᠳᠬᠠᠯ ‍ᠤᠨ‌‍ᠲ᠋ᠦ᠋ᠷᠢᠮ ᠣᠯᠠᠨ ᠵᠢᠯ ᠬᠡᠷᠡᠭᠵᠢᠭᠦᠯᠦᠭᠳᠡᠵᠦ᠂ ᠳᠠᠭᠠᠳᠬᠠᠯ ᠳᠤ ᠣᠷᠣᠯᠴᠠᠭᠰᠠᠳ ᠤᠨ ᠰᠦᠢᠳᠭᠡᠯ ᠲᠤᠰᠢᠶᠠᠬᠰᠠᠨ ᠴᠠᠭ ᠨᠢ ᠤᠷᠲᠤ᠂ᠳᠠᠭᠠᠳᠬᠠᠯ ᠤᠨ ᠰᠦᠢᠳᠭᠡᠯ ᠲᠤᠰᠢᠶᠠᠬᠰᠠᠨ ᠨᠢ ᠠᠷᠪᠢᠨ ᠠᠴᠠ ᠪᠣᠯᠵᠠᠶ︔ ᠰᠠᠭᠤᠭᠠᠯᠢ ᠠᠷᠠᠳ ᠤᠨ ᠨᠠᠰᠤᠵᠢᠯ ᠤᠨ ᠠᠰᠠᠷᠠᠮᠵᠢ ᠵᠢᠨ‌‍ᠲ᠋ᠠᠭᠠᠳᠬᠠᠯ ᠨᠢ ᠨᠡᠶᠢᠭᠡᠮ ᠤᠨ ᠨᠠᠰᠤᠵᠢᠯ ᠤᠨ ᠠᠰᠠᠷᠠᠮᠵᠢ ᠶᠢᠨ ᠳᠠᠭᠠᠳᠬᠠᠯ ᠤᠨ ᠦᠨᠳᠦᠰᠦᠨ ᠵᠦᠢᠯ  ᠎ ᠢ  ᠪᠠᠲᠤᠯᠠᠬᠤ  ᠲᠥᠷᠥ ᠵᠢᠨ‌‍ᠪᠣᠳᠣᠯᠭ᠎ᠠ ᠪᠣᠯᠤᠭᠰᠠᠨ ᠤ ᠬᠤᠪᠢ ᠳᠤ᠂ ᠳᠠᠭᠠᠳᠬᠠᠯ ᠳᠤ ᠣᠷᠣᠯᠴᠠᠭᠰᠠᠳ ᠤᠨ ᠣᠯᠠᠩᠬᠢ ᠨᠢ ᠣᠷᠣᠯᠭ᠎ᠠ ᠪᠠᠭᠠᠲᠠᠶ ᠶᠡᠭᠡ ᠨᠠᠰᠤᠨ ‍ᠤ‌‍ᠬᠦ᠋ᠮᠦᠰ ᠪᠤᠯᠬᠤ ᠪᠦᠭᠡᠳ ᠰᠦᠢᠳᠭᠡᠯ ᠲᠤᠰᠢᠶᠠᠬᠰᠠᠨ ᠴᠠᠭ ᠨᠢ ᠬᠠᠷᠢᠴᠠᠩᠭᠤᠶ ᠪᠠᠷ ᠨᠡᠯᠢᠶᠡᠳ ᠣᠬᠤᠷ᠂ ᠰᠦᠢᠳᠭᠡᠯ  ᠲᠤᠰᠢᠶᠠᠬᠤ‌ᠵᠣᠭᠤᠰ ᠤᠨ ᠲᠤᠭ᠎ᠠ ᠪᠠᠨ ᠰᠤᠩᠭᠤᠬᠤ ᠳᠠᠭᠠᠨ ᠰᠦᠢᠳᠭᠡᠯ ᠲᠤᠰᠢᠶᠠᠬᠤ  ᠬᠠᠮᠤᠭ  ᠎ ᠤᠨ  ᠨᠠᠭᠠᠲᠤ  ᠵᠠᠬ᠎ᠠ  ᠎ ᠶᠢᠨ  ᠪᠠᠷᠢᠮᠵᠢᠶ᠎ᠠ ᠵᠢ‌‍ᠰᠤᠩᠭᠤᠬᠰᠠᠨ ᠪᠠᠶᠢᠳᠠᠭ᠃ ᠡᠶᠢᠮᠦ ᠠᠴᠠ ᠬᠤᠶᠠᠷ ᠳᠠᠭᠠᠳᠬᠠᠯ ᠤᠨ ᠬᠠᠷᠠᠭᠠᠯᠵᠠᠯ ᠤᠨ ᠬᠢᠷᠢ ᠲᠦᠪᠰᠢᠨ ᠵᠥᠷᠢᠶ᠎ᠡ ᠲᠠᠢ ᠪᠠᠶᠢᠨ᠎ᠠ᠃                 ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2