ᠮᠠᠨ ᠤ ᠤᠯᠤᠰ ᠤᠨ ᠠᠩᠬᠠᠳᠠᠭᠴᠢ ᠭᠠᠯ ᠭᠠᠷᠠᠭ ᠬᠠᠶᠢᠨ‌‍ᠰᠢᠨᠵᠢᠯᠡᠬᠦ ᠡᠭᠦᠷᠭᠡ ᠶᠢ ᠬᠦᠢᠴᠡᠳᠬᠡᠵᠦ ᠪᠠᠶᠢᠭ᠎ᠠ ᠲᠢᠶᠠᠨ ᠸᠧᠨ ᠨᠢᠭᠡᠳᠦᠭᠡᠷ ᠬᠠᠶᠢᠭᠤᠷ ᠭᠠᠯ ᠭᠠᠷᠠᠭ ᠲᠤ ᠠᠮᠵᠢᠯᠲᠠ ᠲᠠᠢ ᠪᠠᠭᠤᠪᠠ
ᠨᠡᠶᠢᠲᠡᠯᠡᠭᠰᠡᠨ ᠴᠠᠭ᠄
2021/11/16
       ᠰᠢ ᠶᠢᠨ ᠫᠢᠩ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠪᠣᠯᠤᠨ ᠲᠥᠪ   ᠤᠨ  ᠴᠡᠷᠢᠭ  ‍ᠦᠨ‌‍ᠶᠠᠪᠤᠳᠠᠯ ᠤᠨ ᠬᠤᠷᠢᠶᠠᠨ ᠤ ᠡᠮᠦᠨ᠎ᠡ ᠠᠴᠠ ᠴᠠᠬᠢᠯᠭᠠᠨ ᠴᠢᠮᠡᠭᠡ ᠶᠠᠪᠣᠭᠤᠯᠵᠦ ᠪᠠᠶᠠᠷ ᠬᠦᠷᠭᠡᠪᠡ       ᠬᠠᠨ ᠵᠧᠩ ᠪᠡᠭᠡᠵᠢᠩ ᠳᠤ ᠭᠠᠯ ᠭᠠᠷᠠᠭ ᠲᠤ ᠪᠠᠭᠤᠬᠤ ᠪᠠᠶᠢᠳᠠᠯ ᠢ ᠦᠵᠡᠪᠡ    ᠪᠠᠶᠠᠷ ᠤᠨ ᠴᠠᠬᠢᠯᠭᠠᠨ ᠴᠢᠮᠡᠭᠡ       ᠠᠩᠬᠠᠳᠠᠭᠴᠢ ᠭᠠᠯ  ᠭᠠᠷᠠᠭ   ᠢ  ᠬᠠᠶᠢᠨ  ᠰᠢᠨᠵᠢᠯᠡᠬᠦ  ᠡᠭᠦᠷᠭᠡ   ᠶᠢᠨ  ᠵᠢᠯᠣᠭᠤᠳᠬᠤ  ᠭᠠᠵᠠᠷ  ᠪᠠ  ᠡᠭᠦᠷᠭᠡ  ᠳ᠋ᠦ‌ᠣᠷᠣᠯᠴᠠᠭᠰᠠᠨ ᠪᠦᠬᠦ ᠨᠥᠬᠦᠳ ᠲᠤ᠄         ᠨᠠᠮ ᠪᠠᠶᠢᠭᠤᠯᠤᠭᠳᠠᠭᠰᠠᠨ ᠵᠠᠭᠤᠨ ᠵᠢᠯ ᠤᠨ ᠤᠢ ᠶᠢ ᠤᠭᠲᠤᠵᠤ ᠪᠠᠶᠢᠭ᠎ᠠ ᠲᠠᠰᠢᠷᠠᠮ ᠳᠤ᠂ ᠲᠢᠶᠠᠨ ᠸᠧᠨ  ᠨᠢᠭᠡᠳᠦᠭᠡᠷ‌ᠬᠠᠶᠢᠭᠤᠷ ᠭᠠᠯ ᠭᠠᠷᠠᠭ ᠲᠤ ᠠᠮᠵᠢᠯᠲᠠ ᠲᠠᠢ ᠪᠠᠭᠤᠪᠡ᠂ ᠪᠢ ᠨᠠᠮ ᠤᠨ ᠲᠥᠪ ᠬᠤᠷᠢᠶ᠎ᠠ᠂ ᠲᠦᠷᠦ ᠶᠢᠨ ᠶᠠᠪᠤᠳᠠᠯ ᠤᠨ  ᠬᠤᠷᠢᠶ᠎ᠠ‌‍ᠪᠣᠯᠤᠨ ᠲᠥᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠡᠮᠦᠨ᠎ᠡ ᠠᠴᠠ ᠲᠠ ᠨᠠᠷ ᠲᠤ ᠬᠠᠯᠠᠭᠤᠨ  ᠪᠠᠶᠠᠷ  ᠬᠦᠷᠭᠡᠵᠦ  ᠴᠢᠩ‌‍ᠰᠡᠳᠬᠢᠯ ᠤᠨ ᠮᠡᠨᠳᠦᠴᠢᠯᠡᠯ ᠳᠡᠪᠰᠢᠭᠦᠯᠵᠦ ᠪᠠᠶᠢᠨ᠎ᠠ︕               ᠲᠢᠶᠠᠨ ᠸᠧᠨ ᠨᠢᠭᠡᠳᠦᠭᠡᠷ ᠬᠠᠶᠢᠭᠤᠷ ᠨᠢ ᠭᠠᠯ ᠭᠠᠷᠠᠭ ᠲᠤ ᠪᠠᠭᠤᠵᠤ᠂ ᠮᠠᠨ ᠤ ᠤᠯᠤᠰ   ᠤᠨ  ᠣᠳᠣᠨ  ᠣᠷᠣᠨ  ᠢ‌ᠬᠠᠶᠢᠨ ᠰᠢᠨᠵᠢᠯᠡᠬᠦ ᠠᠶᠠᠨ ᠤ ᠴᠢᠬᠤᠯᠠ ᠨᠢᠭᠡ ᠠᠯᠬᠤᠮ   ᠢ  ᠠᠯᠬᠤᠵᠤ᠂  ᠲᠡᠯᠡᠭᠡᠢ ᠶᠢᠨ  ᠪᠥᠮᠪᠥᠷᠴᠡᠭ  ᠰᠠᠷᠠᠨ  ᠪᠥᠮᠪᠥᠷᠴᠡᠭ ‍ᠤ‌‍ᠰᠢᠰᠲ᠋ᠧᠮ ᠠᠴᠠ ᠣᠳᠣᠨ ᠭᠠᠷᠠᠭ ᠲᠤ  ᠬᠦᠷᠬᠦ  ᠳᠠᠪᠠᠯᠲᠠ   ᠶᠢ  ᠪᠡᠶᠡᠯᠡᠭᠦᠯᠵᠦ᠂  ᠭᠠᠯ  ᠭᠠᠷᠠᠭ  ᠳᠡᠭᠡᠷ᠎ᠡ  ᠠᠩᠬ᠎ᠠ  ᠤᠳᠠᠭ᠎ᠠ‌‍ᠲ᠋ᠤᠮᠳᠠᠳᠤᠴᠤᠳ ᠤᠨ ᠤᠯᠠ ᠮᠥᠷ ᠢ ᠦᠯᠡᠳᠡᠭᠡᠪᠡ᠂ ᠡᠨᠡ ᠪᠣᠯ ᠮᠠᠨ ᠤ ᠤᠯᠤᠰ  ᠤᠨ ᠰᠠᠨᠰᠠᠷ ᠤᠨ ᠠᠶᠠᠯᠠᠯ ᠤᠨ  ᠦᠶᠯᠡᠰ  ‍ᠦᠨ‌‍ᠬᠥ᠋ᠭᠵᠢᠯᠲᠡ ᠶᠢᠨ ᠪᠠᠰᠠ ᠨᠢᠭᠡᠨ ᠬᠦᠰᠢᠶ᠎ᠡ ᠲᠣᠷᠠᠳᠬᠠᠯ ᠤᠨ ᠠᠴᠢ ᠬᠤᠯᠪᠣᠭᠳᠠᠯ ᠲᠠᠢ ᠶᠠᠪᠣᠳᠠᠯ ᠪᠣᠯᠤᠨ᠎ᠠ᠃ ᠲᠠ ᠨᠠᠷ  ᠵᠣᠷᠢᠭᠲᠠᠢ‌‍ᠪᠠᠷ ᠦᠷᠢᠰᠦᠯᠳᠦᠵᠦ᠂ ᠭᠠᠷᠮᠠᠭᠠᠢ ᠠᠮᠵᠢᠯᠲᠠ ᠶᠢ ᠬᠥᠭᠡᠭᠡᠴᠡᠯᠳᠦᠵᠦ᠂ ᠮᠠᠨ ᠤ ᠤᠯᠤᠰ ᠢ ᠭᠠᠷᠠᠭ ᠤᠳᠤ ᠶᠢ  ᠬᠠᠶᠢᠨ  ᠰᠢᠨᠵᠢᠯᠡᠬᠦ‌‍ᠬᠦ᠋ᠷᠢᠶᠡᠨ ᠤ ᠳᠡᠯᠡᠬᠡᠢ ᠶᠢᠨ ᠲᠡᠷᠢᠭᠦᠨ  ᠤ ᠡᠩᠨᠡᠭᠡᠨ ᠳᠤ ᠣᠷᠣᠭᠤᠯᠵᠠᠢ᠂ ᠡᠬᠡ ᠤᠯᠤᠰ ᠪᠣᠯᠤᠨ ᠠᠷᠠᠳ ᠲᠦᠮᠡᠨ  ᠲᠠ  ᠨᠠᠷ  ‍ᠤᠨ‌ᠭᠠᠷᠮᠠᠭᠠᠢ ᠭᠠᠪᠢᠶ᠎ᠠ ᠵᠢᠳᠬᠦᠯ ᠢ ᠡᠭᠦᠷᠢᠳᠡ ᠪᠠᠲᠤ ᠴᠡᠭᠡᠵᠢᠯᠡᠬᠦ ᠪᠣᠯᠤᠨ᠎ᠠ᠃              ᠲᠠᠨᠠᠷ ᠤᠨ ᠴᠢᠷᠮᠠᠶᠢᠭᠰᠠᠨ ᠳᠡᠭᠡᠷ᠎ᠡ ᠪᠠᠨ ᠴᠢᠷᠮᠠᠶᠢᠵᠤ᠂ ᠭᠠᠯ ᠭᠠᠷᠠᠭ ᠤᠨ ᠲᠣᠭᠤᠷᠢᠨ ᠪᠠᠶᠢᠴᠠᠭᠠᠬᠤ ᠰᠢᠨᠵᠢᠯᠡᠬᠦ ᠤᠬᠠᠭᠠᠨ‌‍ᠤ ᠬᠠᠶᠢᠨ ᠰᠢᠨᠵᠢᠯᠡᠭᠡ ᠶᠢ ᠨᠠᠷᠢᠨ  ᠨᠢᠮᠪᠠᠢ  ᠵᠣᠬᠢᠶᠠᠨ  ᠪᠠᠶᠢᠭᠤᠯᠤᠨ  ᠬᠡᠷᠡᠭᠵᠢᠭᠦᠯᠵᠦ᠂  ᠰᠢᠨᠵᠢᠯᠡᠬᠦ  ᠤᠬᠠᠭᠠᠨ  ᠮᠡᠷᠭᠡᠵᠢᠯ ‍ᠤᠨ‌‍ᠲ᠋ᠠᠯ᠎ᠠ ᠪᠠᠷ ᠪᠡᠶ᠎ᠡ ᠪᠠᠨ ᠲᠠᠭᠠᠭᠠᠨ ᠬᠦᠴᠦᠷᠬᠡᠭᠵᠢᠬᠦ ᠶᠢ ᠪᠠᠷᠢᠮᠲᠠᠯᠠᠵᠤ᠂ ᠭᠠᠷᠠᠭ ᠤᠳᠤ ᠶᠢ ᠬᠠᠶᠢᠨ ᠰᠢᠨᠵᠢᠯᠡᠬᠦ ᠵᠡᠷᠭᠡ  ᠰᠠᠨᠰᠠᠷ  ‍ᠤᠨ‌ᠠᠶᠠᠯᠠᠯ ᠤᠨ ᠴᠢᠬᠤᠯᠠ ᠶᠡᠭᠡ ᠢᠨᠵᠧᠨᠧᠷᠢᠩ ᠢ ᠨᠠᠷᠢᠨ ᠨᠢᠮᠪᠠᠢ ᠠᠬᠢᠭᠤᠯᠵᠤ᠂ ᠰᠠᠨᠰᠠᠷ ᠤᠨ ᠠᠶᠠᠯᠠᠯ ᠤᠨ ᠬᠦᠴᠦᠷᠬᠡᠭ  ᠤᠯᠤᠰ  ᠢ‌‍ᠲ᠋ᠦ᠋ᠷᠭᠡᠳᠬᠡᠨ ᠪᠦᠳᠦᠬᠡᠨ ᠪᠠᠶᠢᠭᠤᠯᠵᠤ᠂ ᠣᠷᠴᠢᠯᠠᠩ  ᠤᠨ ᠨᠢᠭᠤᠴᠠ ᠶᠢ ᠬᠠᠶᠢᠨ  ᠰᠦᠪᠡᠭᠴᠢᠯᠡᠬᠦ᠂  ᠬᠥᠮᠦᠨ  ᠲᠥᠷᠥᠯᠬᠢᠲᠡᠨ  ‍ᠦ‌ᠡᠩᠬᠡ ᠲᠠᠶᠢᠪᠤᠩ ᠪᠣᠯᠤᠨ ᠬᠥᠭᠵᠢᠯᠲᠡ ᠶᠢ ᠠᠬᠢᠭᠤᠯᠬᠤ ᠡᠷᠬᠢᠮ ᠳᠡᠭᠡᠳᠦ ᠦᠢᠯᠡᠰ   ᠲᠤ  ᠨᠡᠩ  ᠶᠡᠭᠡ  ᠰᠢᠨ᠎ᠡ  ᠬᠤᠪᠢ  ᠨᠡᠮᠡᠷᠢ‌ᠦᠵᠡᠭᠦᠯᠬᠦ ᠶᠢ ᠬᠦᠰᠡᠵᠦ ᠪᠠᠶᠢᠨ᠎ᠠ︕                        ᠰᠢ ᠶᠢᠨ ᠫᠢᠩ                      2021 ᠣᠨ ᠤ 5 ᠰᠠᠷ᠎ᠠ ᠶᠢᠨ 15 ᠤ ᠡᠳᠦᠷ                              ︵ᠰᠢᠨᠬᠤᠸᠠ ᠬᠤᠷᠢᠶᠠᠨ ᠤ ᠪᠡᠭᠡᠵᠢᠩ ᠤᠨ 5 ᠰᠠᠷ᠎ᠠ ᠶᠢᠨ 15 ᠤ ᠡᠳᠦᠷ ᠤᠨ ᠮᠡᠳᠡᠭᠡ︶                          ᠰᠢᠨᠬᠤᠸᠠ ᠬᠤᠷᠢᠶᠠᠨ ᠤ ᠪᠡᠭᠡᠵᠢᠩ ᠤᠨ 5 ᠰᠠᠷ᠎ᠠ ᠶᠢᠨ 15 ᠤ ᠡᠳᠦᠷ ᠤᠨ ᠮᠡᠳᠡᠭᠡ 5 ᠰᠠᠷ᠎ᠠ ᠶᠢᠨ 15 ᠤ  ᠡᠳᠦᠷ‌‍ᠦᠨ 7 ᠴᠠᠭ 18 ᠮᠢᠨᠦ᠋ᠲ ᠲᠤ᠂ ᠲᠢᠶᠠᠨ ᠸᠧᠨ ᠨᠢᠭᠡᠳᠦᠭᠡᠷ ᠬᠠᠶᠢᠭᠤᠷ ᠭᠠᠯ ᠭᠠᠷᠠᠭ ᠤᠨ ᠦᠲ᠋ᠣᠫᠢ  ᠶᠢᠨ ᠲᠠᠯ᠎ᠠ ᠭᠠᠵᠠᠷ  ‍ᠤᠨ‌ᠡᠮᠦᠨ᠎ᠡ ᠬᠡᠰᠡᠭ ᠤᠨ ᠵᠢᠱᠢᠭᠰᠡᠨ ᠪᠠᠭᠤᠬᠤ ᠭᠠᠵᠠᠷ ᠲᠠᠭᠠᠨ ᠪᠠᠭᠤᠵᠦ᠂ ᠮᠠᠨ ᠤ ᠤᠯᠤᠰ ᠤᠨ ᠠᠩᠬᠠᠳᠠᠭᠴᠢ ᠭᠠᠯ ᠭᠠᠷᠠᠭ ᠢ ᠬᠠᠶᠢᠨ‌‍ᠰᠢᠨᠵᠢᠯᠡᠬᠦ ᠬᠠᠶᠢᠭᠤᠷ ᠤᠨ ᠭᠠᠯ ᠭᠠᠷᠠᠭ ᠲᠤ ᠪᠠᠭᠤᠬᠤ ᠡᠬᠦᠷᠭᠡ ᠠᠮᠵᠢᠯᠲᠠ ᠣᠯᠪᠠ᠃ ᠲᠤᠮᠳᠠᠳᠤ ᠤᠯᠤᠰ ᠤᠨ ᠡᠪ ᠬᠠᠮᠳᠤ  ᠨᠠᠮ‌‍ᠤᠨ ᠲᠥᠪ ᠬᠤᠷᠢᠶᠠᠨ ᠤ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶᠠᠨ ‍ᠤ‌‍ᠲ᠋ᠡᠷᠢᠭᠦᠯᠡᠭᠴᠢ ᠰᠢ ᠶᠢᠨ ᠫᠢᠩ ᠪᠠᠶᠠᠷ ᠤᠨ ᠴᠠᠬᠢᠯᠭᠠᠨ ᠴᠢᠮᠡᠭᠡ ᠶᠠᠪᠤᠭᠤᠯᠵᠤ᠂ ᠨᠠᠮ ᠤᠨ ᠲᠥᠪ ᠬᠤᠷᠢᠶ᠎ᠠ᠂ ᠲᠦᠷᠦ ᠶᠢᠨ  ᠶᠠᠪᠤᠳᠠᠯ‌‍ᠤᠨ ᠬᠤᠷᠢᠶ᠎ᠠ ᠪᠠ ᠲᠥᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠡᠮᠦᠨ᠎ᠡ ᠠᠴᠠ᠂ ᠠᠩᠬᠠᠳᠠᠭᠴᠢ ᠭᠠᠯ ᠭᠠᠷᠠᠭ   ᠢ  ᠬᠠᠶᠢᠨ‌‍ᠰᠢᠨᠵᠢᠯᠡᠬᠦ ᠡᠭᠦᠷᠭᠡ  ᠶᠢᠨ ᠵᠢᠯᠣᠭᠤᠳᠬᠤ ᠭᠠᠵᠠᠷ ᠪᠠ ᠡᠭᠦᠷᠭᠡ ᠳᠤ  ᠣᠷᠣᠯᠴᠠᠭᠰᠠᠨ  ᠪᠦᠬᠦ  ᠨᠥᠬᠦᠳ   ᠲᠤ  ᠬᠠᠯᠠᠭᠤᠨ  ᠪᠠᠶᠠᠷ‌‍ᠬᠦ᠋ᠷᠭᠡᠬᠦ ᠶᠢᠨ ᠬᠠᠮᠳᠣ ᠴᠢᠩ ᠰᠡᠳᠬᠢᠯ ᠤᠨ ᠮᠡᠨᠳᠦᠴᠢᠯᠡᠯ ᠳᠡᠪᠰᠢᠭᠦᠯᠪᠡ᠃               ᠰᠢ ᠶᠢᠨ ᠫᠢᠩ ᠪᠠᠶᠠᠷ ᠤᠨ ᠴᠠᠬᠢᠯᠭᠠᠨ ᠴᠢᠮᠡᠭᠡ ᠳᠡᠭᠡᠨ᠄ ᠲᠢᠶᠠᠨ ᠸᠧᠨ ᠨᠢᠭᠡᠳᠦᠭᠡᠷ ᠬᠠᠶᠢᠭᠤᠷ ᠨᠢ ᠭᠠᠯ  ᠭᠠᠷᠠᠭ  ᠲᠤ᠋‌‍ᠪᠠᠭᠤᠵᠤ᠂ ᠮᠠᠨ ᠤ ᠤᠯᠤᠰ ᠤᠨ ᠣᠳᠣᠨ ᠣᠷᠣᠨ ᠢ ᠬᠠᠶᠢᠨ ᠰᠢᠨᠵᠢᠯᠡᠬᠦ ᠠᠶᠠᠨ ᠤ ᠴᠢᠬᠤᠯᠠ  ᠨᠢᠭᠡ  ᠠᠯᠬᠤᠮ   ᠢ  ᠠᠯᠬᠤᠵᠤ᠂ᠲᠡᠯᠡᠭᠡᠢ ᠶᠢᠨ ᠪᠥᠮᠪᠥᠷᠴᠡᠭ ᠰᠠᠷᠠᠨ ᠪᠥᠮᠪᠥᠷᠴᠡᠭ ᠤ ᠰᠢᠰᠲ᠋ᠧᠮ ᠠᠴᠠ ᠣᠳᠣᠨ ᠭᠠᠷᠠᠭ ᠲᠤ ᠬᠦᠷᠬᠦ ᠳᠠᠪᠠᠯᠲᠠ   ᠶᠢ  ᠪᠡᠶᠡᠯᠡᠭᠦᠯᠵᠦ᠂ᠭᠠᠯ ᠭᠠᠷᠠᠭ ᠳᠡᠭᠡᠷ᠎ᠡ ᠠᠩᠬ᠎ᠠ ᠤᠳᠠᠭ᠎ᠠ ᠲᠤᠮᠳᠠᠳᠤᠴᠤᠳ ᠤᠨ ᠤᠯᠠ ᠮᠥᠷ ᠢ ᠦᠯᠡᠳᠡᠭᠡᠪᠡ᠂ ᠡᠨᠡ ᠪᠣᠯ ᠮᠠᠨ ᠤ  ᠤᠯᠤᠰ  ‍ᠤᠨ‌‍ᠰᠠᠨᠰᠠᠷ ᠤᠨ ᠠᠶᠠᠯᠠᠯ ᠤᠨ ᠦᠶᠯᠡᠰ ᠤᠨ ᠬᠥᠭᠵᠢᠯᠲᠡ ᠶᠢᠨ ᠪᠠᠰᠠ ᠨᠢᠭᠡᠨ ᠬᠦᠰᠢᠶ᠎ᠡ ᠲᠣᠷᠠᠳᠬᠠᠯ ᠤᠨ  ᠠᠴᠢ  ᠬᠤᠯᠪᠣᠭᠳᠠᠯ  ᠲᠠᠶ‌‍ᠶᠠᠪᠣᠳᠠᠯ ᠪᠣᠯᠤᠨ᠎ᠠ᠃ ᠲᠠ ᠨᠠᠷ ᠵᠣᠷᠢᠭᠲᠠᠢ   ᠪᠠᠷ  ᠦᠷᠢᠰᠦᠯᠳᠦᠵᠦ᠂  ᠭᠠᠷᠮᠠᠭᠠᠢ  ᠠᠮᠵᠢᠯᠲᠠ ᠶᠢ  ᠬᠥᠭᠡᠭᠡᠴᠡᠯᠳᠦᠵᠦ᠂  ᠮᠠᠨ  ‍ᠤ‌ᠤᠯᠤᠰ ᠢ ᠭᠠᠷᠠᠭ ᠤᠳᠤ ᠶᠢ ᠬᠠᠶᠢᠨ ᠰᠢᠨᠵᠢᠯᠡᠬᠦ ᠬᠦᠷᠢᠶᠡᠨ ᠤ ᠳᠡᠯᠡᠬᠡᠢ ᠶᠢᠨ ᠲᠡᠷᠢᠭᠦᠨ ᠤ ᠡᠩᠨᠡᠭᠡᠨ   ᠳᠤ  ᠣᠷᠣᠭᠤᠯᠵᠠᠢ᠂  ᠡᠬᠡ‌ᠤᠯᠤᠰ ᠪᠣᠯᠤᠨ ᠠᠷᠠᠳ ᠲᠦᠮᠡᠨ ᠲᠠ ᠨᠠᠷ ᠤᠨ ᠭᠠᠷᠮᠠᠭᠠᠢ ᠭᠠᠪᠢᠶ᠎ᠠ ᠵᠢᠳᠬᠦᠯ ᠢ ᠡᠭᠦᠷᠢᠳᠡ ᠪᠠᠲᠤ  ᠴᠡᠭᠡᠵᠢᠯᠡᠬᠦ  ᠪᠣᠯᠤᠨ᠎ᠠ  ᠬᠡᠵᠦ‌ᠵᠢᠭᠠᠵᠦ ᠭᠠᠷᠭᠠᠪᠠ᠃                ᠰᠢ ᠶᠢᠨ ᠫᠢᠩ᠄ ᠲᠠᠨᠠᠷ ᠤᠨ ᠴᠢᠷᠮᠠᠶᠢᠭᠰᠠᠨ ᠳᠡᠭᠡᠷ᠎ᠡ ᠪᠠᠨ ᠴᠢᠷᠮᠠᠶᠢᠵᠤ᠂ ᠭᠠᠯ ᠭᠠᠷᠠᠭ ᠤᠨ  ᠲᠣᠭᠤᠷᠢᠨ  ᠪᠠᠶᠢᠴᠠᠭᠠᠬᠤ‌‍ᠰᠢᠨᠵᠢᠯᠡᠬᠦ ᠤᠬᠠᠭᠠᠨ ᠤ ᠬᠠᠶᠢᠨ ᠰᠢᠨᠵᠢᠯᠡᠭᠡ ᠶᠢ ᠨᠠᠷᠢᠨ ᠨᠢᠮᠪᠠᠢ ᠵᠣᠬᠢᠶᠠᠨ ᠪᠠᠶᠢᠭᠤᠯᠤᠨ ᠬᠡᠷᠡᠭᠵᠢᠭᠦᠯᠵᠦ᠂  ᠰᠢᠨᠵᠢᠯᠡᠬᠦ  ᠤᠬᠠᠭᠠᠨ‌ᠮᠡᠷᠭᠡᠵᠢᠯ ᠤᠨ ᠲᠠᠯ᠎ᠠ ᠪᠠᠷ ᠪᠡᠶ᠎ᠡ ᠪᠠᠨ ᠲᠠᠭᠠᠭᠠᠨ ᠬᠦᠴᠦᠷᠬᠡᠭᠵᠢᠬᠦ ᠶᠢ ᠪᠠᠷᠢᠮᠲᠠᠯᠠᠵᠤ᠂ ᠭᠠᠷᠠᠭ ᠤᠳᠤ ᠶᠢ ᠬᠠᠶᠢᠨ ᠰᠢᠨᠵᠢᠯᠡᠬᠦ ᠵᠡᠷᠭᠡ‌‍ᠰᠠᠨᠰᠠᠷ ᠤᠨ ᠠᠶᠠᠯᠠᠯ ᠤᠨ ᠴᠢᠬᠤᠯᠠ ᠶᠡᠭᠡ ᠢᠨᠵᠧᠨᠧᠷᠢᠩ ᠢ ᠨᠠᠷᠢᠨ ᠨᠢᠮᠪᠠᠢ ᠠᠬᠢᠭᠤᠯᠵᠤ᠂ ᠰᠠᠨᠰᠠᠷ ᠤᠨ ᠠᠶᠠᠯᠠᠯ ᠤᠨ ᠬᠦᠴᠦᠷᠬᠡᠭ‌ᠤᠯᠤᠰ ᠢ ᠲᠦᠷᠭᠡᠳᠬᠡᠨ  ᠪᠦᠳᠦᠬᠡᠨ  ᠪᠠᠶᠢᠭᠤᠯᠵᠤ᠂  ᠣᠷᠴᠢᠯᠠᠩ   ᠤᠨ  ᠨᠢᠭᠤᠴᠠ   ᠶᠢ  ᠬᠠᠶᠢᠨ  ᠰᠦᠪᠡᠭᠴᠢᠯᠡᠬᠦ᠂  ᠬᠥᠮᠦᠨ‌‍ᠲ᠋ᠥ᠋ᠷᠥᠯᠬᠢᠲᠡᠨ ᠤ ᠡᠩᠬᠡ ᠲᠠᠶᠢᠪᠤᠩ ᠪᠣᠯᠤᠨ ᠬᠥᠭᠵᠢᠯᠲᠡ ᠶᠢ ᠠᠬᠢᠭᠤᠯᠬᠤ ᠡᠷᠬᠢᠮ ᠳᠡᠭᠡᠳᠦ ᠦᠢᠯᠡᠰ   ᠲᠤ  ᠨᠡᠩ  ᠶᠡᠭᠡ  ᠰᠢᠨ᠎ᠡ‌ᠬᠤᠪᠢ ᠨᠡᠮᠡᠷᠢ ᠦᠵᠡᠭᠦᠯᠬᠦ ᠶᠢ ᠬᠦᠰᠡᠵᠦ ᠪᠠᠶᠢᠨ᠎ᠠ ᠬᠡᠵᠦ ᠴᠢᠬᠤᠯᠠᠴᠢᠯᠠᠪᠠ︕ (ᠪᠠᠶᠠᠷ ᠤᠨ ᠴᠠᠬᠢᠯᠭᠠᠨ ᠢ ᠪᠦᠬᠦ  ᠠᠭᠤᠯᠭ᠎ᠠ ᠵᠢ‌ᠠᠰᠲᠠᠭᠠᠨ ᠨᠡᠶᠢᠳᠡᠯᠡᠨ᠎ᠡ)             ᠲᠣᠮᠳᠠᠳᠣ ᠣᠯᠣᠰ ᠤᠨ ᠡᠪ ᠬᠠᠮᠳᠣ ᠨᠠᠮ ᠤᠨ ᠲᠥᠪ ᠬᠤᠷᠢᠶᠠᠨ ᠤ ᠤᠯᠤᠰ ᠲᠦᠷᠦ ᠶᠢᠨ ᠲᠣᠪᠴᠢᠶᠠᠨ   ᠤ  ᠪᠠᠶᠢᠩᠭᠤ‌‍ᠶᠢᠨ ᠭᠡᠰᠢᠭᠦᠨ᠂ ᠲᠦᠷᠦ ᠶᠢᠨ ᠶᠠᠪᠤᠳᠠᠯ ᠤᠨ ᠬᠤᠷᠢᠶᠠᠨ ᠤ ᠳᠡᠳ᠋ ᠶᠡᠷᠦᠩᠬᠡᠢ ᠰᠠᠶᠢᠳ ᠬᠠᠨ ᠵᠧᠩ ᠪᠡᠭᠡᠵᠢᠩ   ᠤᠨ  ᠰᠠᠨᠰᠠᠷ  ‍ᠤᠨ‌ᠠᠶᠠᠯᠠᠯ ᠤᠨ ᠨᠢᠰᠦᠯᠲᠡ ᠶᠢ ᠡᠵᠡᠮᠳᠡᠬᠦ ᠲᠥᠪ ᠲᠤ ᠲᠢᠶᠠᠨ ᠸᠧᠨ ᠨᠢᠭᠡᠳᠦᠭᠡᠷ ᠬᠠᠶᠢᠭᠤᠷ ᠤᠨ ᠭᠠᠯ ᠭᠠᠷᠠᠭ ᠲᠤ ᠪᠠᠭᠤᠬᠤ ᠪᠠᠶᠢᠳᠠᠯ‌ᠢ ᠦᠵᠡᠪᠡ᠃        ᠲᠣᠮᠳᠠᠳᠣ ᠣᠯᠣᠰ ᠤᠨ ᠡᠪ ᠬᠠᠮᠳᠣ ᠨᠠᠮ  ᠤᠨ ᠲᠥᠪ ᠬᠤᠷᠢᠶᠠᠨ ᠤ ᠤᠯᠤᠰ ᠲᠦᠷᠦ ᠶᠢᠨ ᠲᠣᠪᠴᠢᠶᠠᠨ ᠤ  ᠭᠡᠰᠢᠭᠦᠨ᠂ᠲᠦᠷᠦ ᠶᠢᠨ ᠶᠠᠪᠤᠳᠠᠯ ᠤᠨ ᠬᠤᠷᠢᠶᠠᠨ ᠤ ᠳᠡᠳ᠋ ᠶᠡᠷᠦᠩᠬᠡᠢ ᠰᠠᠶᠢᠳ ᠯᠢᠦ ᠾᠧ ᠲᠤᠬᠠᠢ ᠶᠢᠨ ᠲᠠᠯᠠᠪᠠᠢ ᠳᠤ ᠰᠢ ᠶᠢᠨ ᠫᠢᠩ  ‍ᠦᠨ‌‍ᠪᠠᠶᠠᠷ ᠤᠨ ᠴᠠᠬᠢᠯᠭᠠᠨ ᠴᠢᠮᠡᠭᠡ  ᠶᠢ ᠤᠩᠰᠢᠨ ᠨᠡᠶᠢᠲᠡᠯᠡᠪᠡ᠃                ᠮᠠᠨ ᠤ ᠤᠯᠤᠰ ᠤᠨ ᠠᠩᠬᠠᠳᠠᠭᠴᠢ ᠭᠠᠯ ᠭᠠᠷᠠᠭ ᠢ ᠬᠠᠶᠢᠨ ᠰᠢᠨᠵᠢᠯᠡᠬᠦ ᠡᠭᠦᠷᠭᠡ ᠶᠢ 2016  ᠣᠨ   ᠳᠤ  ᠲᠦᠷᠦᠯ‌ᠵᠦ᠋ᠢᠯ ᠪᠣᠯᠭᠠᠨ ᠲᠣᠭᠲᠠᠭᠠᠵᠤ᠂ ᠨᠢᠭᠡ ᠤᠳᠠᠭᠠᠨ ᠤ ᠡᠭᠦᠷᠭᠡ ᠪᠠᠷ ᠳᠠᠮᠵᠢᠭᠤᠯᠤᠨ ᠭᠠᠯ ᠭᠠᠷᠠᠭ   ᠢ  ᠲᠣᠭᠤᠷᠢᠬᠤ᠂  ᠭᠠᠵᠠᠷ  ᠲᠤ᠋‌‍ᠪᠠᠭᠤᠬᠤ ᠪᠠ ᠲᠣᠭᠤᠷᠢᠨ ᠪᠠᠶᠢᠴᠠᠭᠠᠵᠤ ᠬᠠᠶᠢᠨ ᠰᠢᠨᠵᠢᠯᠡᠬᠦ ᠶᠢ ᠪᠡᠶᠡᠯᠡᠭᠦᠯᠬᠦ   ᠪᠠᠷ  ᠲᠦᠯᠦᠪᠯᠡᠪᠡ᠃  ᠲᠢᠶᠠᠨ  ᠸᠧᠨ  ᠨᠢᠭᠡᠳᠦᠭᠡᠷ‌ᠬᠠᠶᠢᠭᠤᠷ ᠢ 2020 ᠣᠨ ᠤ 7 ᠰᠠᠷ᠎ᠠ ᠶᠢᠨ 23 ᠤ ᠡᠳᠦᠷ ᠬᠠᠶᠢᠨᠠᠨ  ᠤ ᠸᠧᠨᠴᠠᠩ ᠠᠴᠠ ᠴᠠᠩ ᠵᠧᠩ ᠲᠠᠪᠤᠳᠤᠭᠠᠷ  ᠬᠥᠯᠭᠡ‌‍ᠲ᠋ᠡᠶᠢᠷᠦᠯᠲᠦ ᠰᠤᠮᠤ ᠪᠠᠷ ᠠᠮᠵᠢᠯᠲᠠᠲᠠᠶ ᠬᠠᠷᠪᠤᠵᠤ᠂ 2021 ᠣᠨ ᠤ 2 ᠰᠠᠷ᠎ᠠ ᠶᠢᠨ 10 ᠤ ᠡᠳᠦᠷ ᠭᠠᠯ ᠭᠠᠷᠠᠭ ᠤᠨ ᠲᠠᠲᠠᠬᠤ‌‍ᠬᠦ᠋ᠴᠦᠨ ᠤ ᠬᠡᠪᠴᠢᠶᠡᠨ ᠳᠤ ᠠᠮᠵᠢᠯᠲᠠᠲᠠᠶ ᠣᠷᠤᠵᠦ᠂ ᠮᠠᠨ ᠤ ᠤᠯᠤᠰ ᠤᠨ ᠠᠩᠬᠠᠳᠠᠭᠴᠢ ᠬᠢᠮᠡᠯ ᠳᠠᠭᠠᠭᠤᠯᠢ ᠣᠲᠣ ᠪᠣᠯᠵᠣ᠂ 2ᠰᠠᠷ᠎ᠠ ᠶᠢᠨ 24 ᠤ ᠡᠳᠦᠷ ᠬᠠᠶᠢᠭᠤᠷ ᠭᠠᠯ ᠭᠠᠷᠠᠭ ᠤᠨ ᠵᠣᠭᠰᠣᠭᠠᠯ  ᠲᠣᠭᠤᠷᠢᠯᠲᠠ   ᠶᠢᠨ  ᠵᠠᠮ   ᠳᠤ  ᠣᠷᠣᠵᠤ᠂  3  ᠰᠠᠷ᠎ᠠ‌‍ᠰᠢᠬᠠᠮ ᠤᠨ ᠬᠤᠭᠤᠴᠠᠭ᠎ᠠ ᠲᠠᠢ ᠲᠣᠭᠤᠷᠢᠨ ᠬᠠᠶᠢᠬᠤ ᠠᠵᠢᠯ ᠥᠷᠨᠢᠭᠦᠯᠵᠦ᠂ ᠭᠠᠯ  ᠭᠠᠷᠠᠭ   ᠲᠤ  ᠠᠮᠵᠢᠯᠲᠠᠲᠠᠢ  ᠪᠠᠭᠤᠬᠤ  ᠳ᠋ᠤ᠋‌‍ᠰᠠᠭᠤᠷᠢ ᠲᠠᠯᠪᠢᠪᠠ᠃ ᠲᠢᠶᠠᠨ ᠸᠧᠨ ᠨᠢᠭᠡᠳᠦᠭᠡᠷ ᠬᠠᠶᠢᠭᠤᠷ ᠠᠮᠵᠢᠯᠲᠠ ᠲᠠᠢ ᠪᠠᠷ ᠭᠠᠯ ᠭᠠᠷᠠᠭ   ᠲᠤ  ᠪᠠᠭᠤᠭᠰᠠᠨ   ᠨᠢ  ᠮᠠᠨ  ‍ᠤ‌ᠤᠯᠤᠰ ᠠᠩᠬ᠎ᠠ ᠤᠳᠠᠭ᠎ᠠ ᠳᠡᠯᠡᠬᠡᠢ ᠶᠢᠨ ᠪᠥᠮᠪᠥᠷᠴᠡᠭ ᠠᠴᠠ ᠭᠠᠳᠠᠨᠠᠬᠢ ᠭᠠᠷᠠᠭ ᠤᠳᠤᠨ ᠳᠤ ᠪᠠᠭᠤᠬᠤ  ᠶᠢ ᠪᠡᠶᠡᠯᠡᠭᠦᠯᠵᠦ᠂  ᠮᠠᠨ‌‍ᠤ ᠤᠯᠤᠰ ᠠᠮᠵᠢᠯᠲᠠ ᠲᠠᠢ ᠪᠠᠷ ᠭᠠᠯ ᠭᠠᠷᠠᠭ ᠲᠤ ᠪᠠᠭᠤᠭᠰᠠᠨ ᠬᠤᠶᠠᠳᠤᠭᠠᠷ ᠤᠯᠤᠰ ᠪᠤᠯᠵᠠᠢ᠃ ᠳᠤᠮᠳᠠᠳᠤ ᠤᠯᠤᠰ ᠤᠨ ᠤᠯᠤᠰ‌‍ᠤᠨ ᠰᠠᠨᠰᠠᠷ ᠤᠨ ᠠᠶᠠᠯᠠᠯ ᠤᠨ ᠲᠣᠪᠴᠢᠶ᠎ᠠ ᠪᠣᠯᠤᠨ ᠧᠦ᠋ᠷᠣᠫᠠ ᠲᠢᠪ ‍ᠦᠨ‌‍ᠰᠠᠨᠰᠠᠷ  ᠤᠨ ᠠᠶᠠᠯᠠᠯ ᠤᠨ  ᠲᠣᠪᠴᠢᠶ᠎ᠠ᠂  ᠠᠷᠭᠧᠨ᠋ᠲ᠋ᠢᠨ᠂ᠹᠷᠠᠨᠼᠢ᠂ ᠠᠦ᠋ᠰᠲᠷᠢᠶ᠎ᠠ ᠵᠡᠷᠭᠡ ᠤᠯᠠᠨ ᠤᠯᠤᠰ ᠤᠨ ᠰᠠᠨᠰᠠᠷ ᠤᠨ ᠠᠶᠠᠯᠠᠯ ᠤᠨ ᠵᠣᠬᠢᠶᠠᠨ ᠪᠠᠶᠢᠭᠤᠯᠤᠯᠲᠠ ᠪᠣᠯᠤᠨ  ᠤᠯᠤᠰ  ‍ᠤᠨ‌‍ᠰᠠᠨᠰᠠᠷ ᠤᠨ ᠠᠶᠠᠯᠠᠯ ᠤᠨ ᠪᠠᠶᠢᠭᠤᠯᠤᠮᠵᠢ ᠬᠠᠮᠢᠶ᠎ᠠ ᠪᠦᠬᠦᠢ ᠲᠦᠷᠦᠯ ᠵᠦᠢᠯ ᠤᠨ ᠬᠠᠮᠲᠤᠷᠠᠯᠴᠠᠭ᠎ᠠ ᠥᠷᠨᠢᠭᠦᠯᠵᠦ᠂ ᠣᠷᠴᠢᠯᠠᠩ ‍ᠤᠨ‌ᠨᠢᠭᠤᠴᠠ ᠶᠢ ᠬᠠᠶᠢᠨ ᠰᠦᠪᠡᠭᠴᠢᠯᠡᠬᠦ᠂ ᠭᠠᠯ ᠭᠠᠷᠠᠭ ᠤᠨ ᠬᠤᠪᠢᠰᠤᠯᠲᠠ ᠶᠢᠨ  ᠲᠤᠬᠠᠢ  ᠲᠠᠨᠢᠯᠲᠠ   ᠪᠠᠨ  ᠨᠡᠮᠡᠭᠳᠡᠭᠦᠯᠬᠦ᠂  ᠠᠮᠢ‌ᠨᠠᠰᠤᠨ ᠤ ᠡᠭᠦᠰᠦᠯ ᠢ ᠣᠶᠢᠯᠠᠭᠠᠬᠤ ᠵᠡᠷᠭᠡ ᠳᠤ ᠬᠠᠮᠲᠤ ᠪᠠᠷ ᠤᠶᠤᠨ ᠤᠬᠠᠭᠠᠨ ᠪᠠ ᠬᠦᠴᠦᠨ ᠴᠢᠳᠠᠯ ᠢᠶᠠᠨ ᠡᠷᠭᠦᠬᠦ ᠪᠣᠯᠤᠨ᠎ᠠ᠃                            ᠢᠷᠡᠯᠲᠡ᠄ ᠠᠷᠠᠳ ᠤᠨ ᠰᠦᠯᠵᠢᠶ᠎ᠡ
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2