ᠵᠤᠷᠢᠬᠰᠠᠨ ᠳᠠᠭᠠᠨ ᠬᠦᠷᠬᠦ ᠪᠠᠷ ᠵᠢᠯᠤᠭᠤ ᠰᠤᠩᠭᠠᠨᠠᠮ
ᠨᠡᠶᠢᠲᠡᠯᠡᠭᠰᠡᠨ ᠴᠠᠭ᠄
2020/9/18
ᠵᠤᠷᠢᠬᠰᠠᠨ ᠳᠠᠭᠠᠨ ᠬᠦᠷᠬᠦ ᠪᠠᠷ ᠵᠢᠯᠤᠭᠤ ᠰᠤᠩᠭᠠᠨᠠᠮ          — ᠬᠤᠳᠠ ᠶᠢᠨ ᠨᠠᠮ ᠤᠨ ᠬᠤᠷᠢᠶ᠎ᠠ ᠠᠴᠠ ᠴᠠᠬᠠᠷ ᠪᠠᠷᠠᠭᠤᠨ ᠭᠠᠷᠤᠨ ᠲᠤᠮᠳᠠᠳᠤ ᠬᠤᠰᠢᠭᠤᠨ ᠤ ᠲᠦ᠋ ᠴᠧᠩ ᠽᠢ ᠰᠢᠶᠠᠩ ᠳᠤ ᠲᠤᠮᠢᠯᠠᠬᠰᠠᠨ  ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠤᠯᠲᠠ ᠶᠢ ᠬᠢᠨᠠᠨ ᠵᠢᠯᠤᠭᠤᠳᠬᠤ 28 ᠳ᠋ᠤᠭᠠᠷ ᠲᠤᠭᠤᠢᠢᠯᠠᠩ ᠢ ᠲᠡᠮᠳᠡᠭᠯᠡᠪᠡ               ᠨᠠᠯᠠᠭᠠᠷ ᠨᠠᠮᠤᠷ ᠤᠨ ᠬᠤᠨᠭ᠍ᠭᠤᠷ ᠰᠠᠯᠬᠢᠨ ᠤ ᠠᠶᠠᠰ ᠢᠶᠠᠷ ᠨᠡᠬᠦᠳᠡᠯ ᠤᠨ ᠰᠢᠪᠠᠭᠤᠳ ᠪᠤᠴᠠᠬᠤᠶ᠎ᠠ᠂ ᠴᠠᠬᠠᠷ ᠪᠠᠷᠠᠭᠤᠨ ᠭᠠᠷᠤᠨ ᠲᠤᠮᠳᠠᠳᠤ ᠬᠤᠰᠢᠭᠤᠨ ᠤ ᠲᠦ᠋ ᠴᠧᠩ ᠽᠢ ᠰᠢᠶᠠᠩ ᠡᠯᠪᠡᠭ ᠬᠤᠷᠢᠶᠠᠯᠳᠠ ᠶᠢᠨ ᠠᠯᠳᠠᠨ ᠰᠢᠷᠭᠠᠯ ᠦᠡᠭᠭᠡ ᠪᠠᠷ ᠰᠢᠵᠢᠷᠳᠡᠨ᠎ᠠ᠃           ᠮᠠᠰᠢᠨ ᠲᠡᠷᠭᠡ ᠲᠤᠰᠬᠤᠨ ᠤ ᠱᠦᠢᠨᠢ ᠵᠠᠮ ᠢᠶᠠᠷ ᠠᠯᠭᠤᠷ ᠤᠷᠤᠭᠰᠢᠯᠠᠨ᠎ᠠ᠃ ︽ᠬᠠᠷᠠᠭᠠᠴᠢ᠂ ᠡᠨᠡ ᠪᠤᠯ 80 ᠮᠦ ᠵᠢᠮᠢᠰ ᠤᠨ ᠬᠦᠷᠢᠶᠡᠯᠡᠩ ᠡᠨᠡ ᠵᠢᠯ ᠵᠢᠮᠢᠰᠯᠡᠨ᠎ᠠ᠂ ᠠᠯᠮᠦᠷᠠᠳ᠂ ᠬᠦᠴᠢᠯᠢᠭ ᠠᠯᠮᠤᠷᠠᠳ᠂ ᠤᠯᠠᠭᠠᠨ ᠬᠦᠢᠯᠡᠰᠦ ᠵᠡᠷᠭᠡ ᠵᠢᠮᠢᠰ ᠲᠠᠷᠢᠵᠤ ᠪᠠᠶᠢᠨ᠎ᠠ︔ ᠡᠮᠦᠨ᠎ᠠ ᠲᠠᠯ᠎ᠠ ᠶᠢᠨ ᠬᠢᠨᠢ 100 ᠮᠦ ᠵᠠᠬᠢᠶᠠᠯᠠᠭ᠎ᠠ ᠶᠢᠨ ᠡᠰᠢᠨ ᠰᠢᠯᠦᠬᠡᠢ︔ ᠲᠡᠷᠳᠡᠭᠡ ᠪᠠᠶᠢᠭ᠎ᠠ ᠪᠤᠯ 700 ᠮᠦ ᠲᠦᠮᠡᠨ ᠨᠡᠰᠤᠳᠤ ᠤᠳᠪᠠᠯᠠ᠃ ᠤᠳᠪᠠᠯᠠ ᠪᠤᠯ ᠬᠢᠳᠡᠳ ᠡᠮ ᠤᠨ ᠦᠨᠡᠲᠦ ᠮᠠᠲᠧᠷᠢᠶᠠᠯ ᠁︾ ᠭᠡᠵᠦ ᠵᠸᠦ ᠰᠢ ᠰᠤᠷᠪᠤᠯᠵᠢᠯᠠᠬᠴᠢ ᠳᠤ ᠲᠠᠨᠢᠯᠴᠠᠭᠤᠯᠤᠨ᠎ᠠ︔ ᠨᠡᠩ ᠴᠦ ᠶᠠᠳᠠᠭᠤ ᠡᠷᠦᠭᠡ ᠶᠢᠨ ᠦᠨᠳᠤᠰᠦᠨ ᠪᠠᠶᠢᠳᠠᠯ ᠢ ᠠᠰᠠᠭᠤᠪᠠᠯ᠂ ᠠᠯᠠᠭᠠᠨ ᠤ ᠪᠠᠨ ᠵᠢᠷᠤᠭᠠᠰᠤ ᠰᠢᠬ ᠲᠤᠳᠤᠬᠠᠨ ᠲᠠᠨᠢᠯᠴᠠᠭᠤᠯᠵᠦ ᠪᠠᠶᠢᠯ᠎ᠠ᠃          2018 ᠤᠨ ᠤ 4 ᠰᠠᠷ᠎ᠠ ᠳᠤ ᠬᠤᠳᠠ ᠶᠢᠨ ᠨᠠᠮ ᠤᠨ ᠬᠤᠷᠢᠶᠠᠨ ᠤ ᠲᠤᠮᠢᠯᠠᠯᠲᠠ ᠪᠠᠷ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠤᠯᠲᠠ ᠶᠢ ᠬᠢᠨᠠᠨ ᠵᠢᠯᠤᠭᠤᠳᠬᠤ 92 ᠲᠤᠭᠤᠢᠢᠯᠠᠩ ᠪᠦᠬᠦ ᠬᠤᠳᠠ ᠶᠢᠨ 92 ᠰᠤᠮᠤ ᠰᠢᠶᠠᠩ ᠪᠠᠯᠭᠠᠰᠤᠨ ᠳᠤ ᠪᠠᠭᠤᠪᠠ᠃ ᠤᠯᠠᠭᠠᠨᠴᠠᠪ ᠤᠨ ᠡᠳᠦᠷ ᠤᠨ ᠰᠤᠨᠢᠨ ᠤ ᠬᠤᠷᠢᠶᠠᠨ ᠤ ᠨᠠᠮ ᠤᠨ ᠤᠳᠤᠷᠢᠳᠬᠤ ᠲᠤᠭᠤᠢᠢᠯᠠᠩ ᠤᠨ ᠪᠦᠷᠢᠯᠳᠦᠭᠦᠨ᠂ ᠲᠡᠳ᠋ ᠶᠡᠷᠦᠩᠬᠡᠢ ᠨᠠᠶᠢᠷᠠᠭᠤᠯᠤᠬᠴᠢ ᠵᠸᠦ ᠰᠢ ᠬᠢᠨᠠᠨ ᠵᠢᠯᠤᠭᠤᠳᠬᠤ 28 ᠳ᠋ᠤᠭᠠᠷ ᠲᠤᠭᠤᠢᠢᠯᠠᠩ ᠤᠨ ᠲᠠᠷᠤᠭ᠎ᠠ ᠪᠠᠷ ᠴᠠᠬᠠᠷ ᠪᠠᠷᠠᠭᠤᠨ ᠭᠠᠷᠤᠨ ᠲᠤᠮᠳᠠᠳᠤ ᠬᠤᠰᠢᠭᠤᠨ ᠤ ᠲᠦ᠋ ᠴᠧᠩ ᠽᠢ ᠰᠢᠶᠠᠩ ᠳᠤ ᠲᠤᠮᠢᠯᠠᠬᠳᠠᠵᠤ᠂ ᠬᠠᠮᠳᠤ ᠠᠵᠢᠯᠯᠠᠭᠴᠢ ᠵᠤᠷᠢᠬᠳᠤ ᠲᠠᠢ ᠴᠤᠭ ᠬᠢᠨᠠᠨ ᠵᠢᠯᠤᠭᠤᠳᠬᠤ ᠡᠭᠦᠷᠭᠡ ᠬᠦᠯᠢᠶᠡᠵᠡᠢ᠃ ᠲᠡᠳᠡ ᠦᠷᠯᠦᠭᠡ ᠦᠳᠡᠰᠢ ᠲᠠᠢ ᠤᠷᠤᠯᠳᠤᠨ ᠬᠠᠷᠢᠭᠤᠴᠠᠯᠭᠠᠲᠤ ᠰᠡᠳᠭᠢᠯᠭᠡ ᠪᠠ ᠲᠤᠯᠭᠠᠮ᠎ᠠ ᠰᠡᠳᠭᠢᠯᠭᠡ ᠪᠠᠷ ᠬᠦᠮᠦᠨ ᠲᠦᠷᠦᠯᠬᠢᠳᠡᠨ ᠤ ᠶᠠᠳᠠᠭᠤ ᠬᠦᠴᠢᠷᠳᠡᠯ ᠲᠠᠢ ᠵᠠᠷᠯᠠᠬᠰᠠᠨ ᠡᠨᠡ ᠬᠦ ᠠᠤᠭ᠎ᠠ ᠲᠠᠶᠢᠯᠠᠯᠳᠤᠭᠠᠨ ᠳᠤ ᠤᠷᠤᠯᠴᠠᠯ᠎ᠠ᠃           ᠤᠳᠤ ᠪᠤᠯᠬᠤ ᠳᠤ ᠠᠳᠡᠬᠢ ᠬᠠᠯᠠᠭᠤᠨ ᠬᠦᠷᠦᠰᠦ ᠪᠦᠯᠢᠶᠡᠨ ᠰᠢᠷᠤᠢ ᠨᠢ ᠲᠡᠳᠡ ᠬᠤᠶᠠᠭᠤᠯᠠ ᠶᠢᠨ ᠰᠡᠳᠭᠢᠯ ᠳᠤ ᠬᠦᠨ ᠬᠠᠳᠠᠩᠰᠢᠵᠠᠢ᠃ ᠬᠤᠶᠠᠷ ᠵᠢᠯ ᠭᠠᠷᠤᠢ ᠡᠳᠦᠷ ᠬᠤᠨᠤᠬ ᠤᠳ ᠲᠤ᠂ ᠬᠢᠨᠠᠨ ᠵᠢᠯᠤᠭᠤᠳᠬᠤ ᠡᠭᠦᠷᠭᠡ ᠶᠢᠨ ᠲᠤᠭᠤᠷᠢᠨ ᠳᠤ᠂ ᠲᠡᠳᠡ ᠰᠤᠨᠢᠨ ᠮᠡᠳᠡᠭᠡᠨ ᠤ ᠠᠵᠢᠯᠳᠠᠨ ᠤ ︽ᠭᠤᠷᠪᠠ ᠳᠤ ᠤᠢᠢᠷᠠᠳᠤᠬᠤ︾᠂ ︽ᠲᠦᠷᠪᠡᠨ ᠴᠢᠳᠠᠮᠵᠢ︾᠎ ᠶᠢᠨ ᠠᠵᠢᠯ ᠤᠨ ᠵᠤᠷᠰᠢᠯ ᠢᠶᠠᠨ ᠪᠠᠷᠢᠮᠲᠠᠯᠠᠵᠤ᠂ ᠪᠦᠬᠦ ᠰᠢᠶᠠᠩ ᠤᠨ 16 ᠵᠠᠰᠠᠬ ᠵᠠᠬᠢᠷᠭᠠᠨ ᠤ ᠲᠤᠰᠬᠤᠨ᠂ 66 ᠪᠠᠶᠢᠭᠠᠯᠢᠯᠢᠬ ᠲᠤᠰᠬᠤᠨ ᠤ 224 ᠲᠡᠭᠰᠢ ᠲᠦᠷᠪᠡᠯᠵᠢᠨ ᠺᠢᠯᠤᠮᠧᠲᠷ ᠨᠤᠳᠤᠬ ᠲᠡᠪᠢᠰᠭᠡᠷ ᠳᠡᠭᠡᠷ᠎ᠡ ᠤᠯᠠ ᠮᠦᠷ ᠢᠶᠠᠨ ᠳᠤᠷᠠᠶᠢᠯᠭᠠᠵᠤ ᠪᠢᠯᠡ᠃           ᠭᠡᠷᠡᠭ ᠤᠴᠢᠷ ᠰᠶᠢᠳᠪᠦᠷᠢᠯᠡᠬᠦ ᠳᠤ ᠪᠠᠨ ᠨᠢᠭᠤᠷ ᠲᠠᠯ᠎ᠠ ᠬᠠᠶᠠᠯ ᠦᠭᠡᠢ ᠲᠦᠷᠢᠮ ᠶᠤᠰᠤ ᠶᠢ ᠪᠠᠷᠢᠮᠲᠠᠯᠠᠨ᠎ᠠ          ᠵᠸᠦ ᠰᠢ ᠶᠢᠨ ᠶᠠᠷᠢᠬᠤ ᠪᠠᠷ ᠬᠢᠨᠠᠨ ᠵᠢᠯᠤᠭᠤᠳᠬᠤ ᠠᠵᠢᠯ ᠪᠤᠯ ᠲᠤᠬᠠᠢ ᠶᠢᠨ ᠲᠠᠯᠠᠪᠤᠷ᠂ ᠡᠮᠦᠨ᠎ᠠ ᠹᠷᠤᠨᠲ ᠢᠶᠠᠷ ᠬᠦᠷᠴᠦ᠂ ᠤᠯᠠᠨ ᠲᠦᠮᠠᠨ ᠤ ᠲᠤᠮᠳᠠ ᠬᠦᠨᠵᠡᠭᠡᠶᠢᠷᠡᠨ᠂ ᠠᠰᠠᠭᠤᠳᠠᠯ ᠢ ᠢᠯᠡᠷᠡᠭᠦᠯᠵᠦ᠂ ᠵᠤᠬᠢᠴᠠᠭᠤᠯᠤᠨ ᠰᠢᠢᠳᠪᠦᠷᠢᠯᠡᠵᠦ᠂ ᠠᠵᠢᠯ ᠢᠶᠠᠨ ᠠᠬᠢᠭᠤᠯᠳᠠᠬ᠂ ᠶᠠᠭᠠᠬᠢᠬᠰᠠᠨ ᠴᠤ ᠮᠤᠷᠢᠨ ᠬᠦᠶᠦᠳᠡᠯ ᠢᠶᠠᠷ ᠴᠡᠴᠡᠭ ᠰᠤᠨᠢᠷᠬᠠᠵᠤ ᠪᠤᠯᠬᠤ ᠦᠭᠡᠢ᠃       ᠰᠢᠶᠠᠩ ᠤᠨ ᠵᠠᠰᠠᠬ ᠤᠨ ᠤᠷᠳᠤᠨ ᠤ ᠠᠯᠪᠠᠨ ᠠᠰᠠᠷ ᠤᠨ ᠭᠤᠷᠪᠠᠳᠤᠭᠠᠷ ᠲᠠᠪᠬᠤᠷᠯᠢᠬ ᠲᠤ ᠪᠠᠶᠢᠭ᠎ᠠ ᠬᠢᠨᠠᠨ ᠵᠢᠯᠤᠭᠤᠳᠬᠤ ᠳᠤᠭᠤᠶᠢᠯᠠᠩ ᠤᠨ ᠠᠯᠪᠠᠨ ᠭᠡᠷ ᠲᠤ ᠤᠷᠤᠬᠤ ᠳᠤ ᠬᠠᠨᠠᠨ ᠲᠡᠭᠡᠷ᠎ᠠ ᠡᠯᠭᠦᠵᠦ ᠪᠠᠶᠢᠭ᠎ᠠ ︽ᠬᠢᠨᠠᠨ ᠵᠢᠯᠤᠭᠤᠳᠬᠤ ᠡᠭᠦᠷᠭᠡ ᠬᠠᠷᠢᠭᠤᠴᠠᠯᠭ᠎ᠠ︾ ︽ᠬᠢᠨᠠᠨ ᠵᠢᠯᠤᠭᠤᠳᠬᠤ ᠲᠦᠷᠢᠮ︾ ᠵᠡᠷᠭᠡ ᠤᠨᠢᠨ ᠲᠡᠭᠡᠷ᠎ᠠ ᠨᠢ ᠶᠠᠳᠠᠭᠤ ᠶᠢ ᠲᠡᠳᠭᠦᠬᠦ ᠠᠵᠢᠯ ᠤᠨ ᠠᠭᠤᠯᠭ᠎ᠠ ᠲᠤᠳᠤᠬᠠᠨ ᠬᠠᠷᠠᠬᠳᠠᠨ᠎ᠠ᠃ ᠡᠨᠡ ᠪᠤᠯ ᠲᠠᠷᠤᠢ ᠬᠢᠨᠠᠨ ᠵᠢᠯᠤᠭᠤᠳᠬᠤ ᠲᠤᠭᠤᠢᠢᠯᠠᠩ ᠤᠨ ᠠᠵᠢᠯ ᠤᠨ ᠵᠢᠷᠤᠮᠯᠠᠯ ᠮᠦᠷᠳᠡᠭᠡᠨ ᠲᠡᠳᠡᠨᠡᠷ ᠤᠨ ᠨᠠᠮ ᠪᠤᠯᠤᠨ ᠠᠷᠠᠳ ᠲᠦᠮᠡᠨ ᠳᠤ ᠠᠮᠠᠯᠳᠠᠭᠰᠠᠨ ᠲᠦᠪ ᠴᠢᠩᠭ᠎ᠠ ᠠᠮᠠᠯᠠᠯᠳᠠ ᠪᠤᠯᠤᠨ᠎ᠠ᠃       ᠬᠠᠪᠤᠷ ᠨᠠᠮᠤᠷ ᠤᠨ ᠤᠷᠴᠢᠯ᠂ ᠴᠠᠭ ᠤᠯᠠᠷᠢᠯ ᠤᠨ ᠡᠷᠭᠢᠯᠳᠡ ᠪᠠᠷ ᠬᠢᠨᠠᠨ ᠵᠢᠯᠤᠭᠤᠳᠬᠤ ᠲᠤᠭᠤᠢᠢᠯᠠᠩ ᠡᠩ ᠤᠨ ᠪᠠᠶᠢᠴᠠᠭᠠᠯᠳᠠ ᠪᠤᠶᠤ ᠰᠤᠭᠤᠴᠢᠨ ᠪᠠᠶᠢᠴᠠᠭᠠᠬᠤ ᠶᠢ ᠤᠶᠠᠯᠳᠤᠭᠤᠯᠤᠨ ᠡᠳᠦᠷ ᠪᠤᠯᠭᠠᠨ ᠶᠠᠳᠠᠭᠤ ᠡᠷᠦᠭᠡ ᠪᠠᠷ ᠲᠤᠭᠤᠷᠢᠨ ᠪᠠᠶᠢᠴᠠᠭᠠᠵᠤ ᠪᠠᠶᠢᠳᠠᠯ ᠢ ᠤᠢᠢᠯᠠᠭᠠᠨ᠎ᠠ᠃ ᠦᠳᠡᠰᠢ ᠠᠯᠪᠠᠨ ᠠᠰᠠᠷ ᠨᠠᠮ ᠵᠢᠮ ᠪᠤᠯᠬᠤ ᠪᠠᠷ ᠲᠡᠳᠡᠨᠡᠷ ᠡᠳᠦᠷ ᠤᠨ ᠤᠢᠢᠯᠠᠭᠠᠬᠰᠠᠨ ᠪᠠᠶᠢᠳᠠᠯ ᠢᠶᠠᠨ ᠡᠮᠬᠢᠯᠡᠨ ᠵᠠᠳᠠᠯᠵᠤ ᠤᠷᠤᠰᠢᠵᠤ ᠪᠠᠶᠢᠭ᠎ᠠ ᠠᠰᠠᠭᠤᠳᠠᠯ ᠢ ᠰᠢᠨᠵᠢᠯᠡᠨ᠂ ᠰᠢᠢᠳᠪᠦᠷᠢᠯᠡᠬᠦ ᠠᠷᠭ᠎ᠠ ᠲᠦᠰᠦᠯ ᠢᠶᠠᠨ ᠶᠠᠷᠢᠯᠴᠠᠵᠤ ᠮᠠᠰᠢ ᠤᠷᠤᠢ ᠪᠤᠯᠳᠠᠬ ᠠᠴᠠ ᠲᠡᠳᠡᠨ ᠤ ᠠᠯᠪᠠᠨ ᠭᠡᠷ ᠤᠨ ᠳ᠋ᠧᠩ ᠨᠢ ᠰᠦᠨᠢ ᠶᠢᠨ ᠭᠦᠨ ᠳᠤ ᠬᠡᠷᠡᠯᠳᠦ ᠴᠠᠮᠬᠠᠭ ᠪᠤᠯᠵᠤ ᠭᠢᠯᠠᠯᠵᠠᠨ᠎ᠠ᠃ ᠤᠳᠤᠬᠠᠨ ᠪᠤᠯᠳᠠᠯ᠎ᠠ ᠲᠡᠳᠡ ᠨᠢᠭᠡᠨᠳᠡ 15 ᠲᠦᠮᠡᠨ ᠺᠢᠯᠤᠮᠧᠲᠷ ᠤᠨ ᠮᠠᠰᠢᠨ ᠠᠶᠠᠯᠠᠯ ᠢ ᠲᠤᠭᠤᠯᠵᠤ ᠪᠢᠯᠡ᠃         ᠠᠯᠪᠠᠨ ᠰᠢᠷᠡᠭᠡᠨ ᠳᠡᠭᠡᠷᠡᠬᠢ ︽ᠡᠳᠦᠷ ᠤᠨ ᠲᠡᠮᠳᠡᠭᠯᠡᠯ︾ ︽ᠭᠠᠷᠠᠬ ᠤᠨ ᠲᠡᠮᠳᠡᠭᠯᠡᠯ︾ ︽ᠲᠤᠪᠴᠢ ᠮᠡᠳᠡᠭᠡ︾ ︽ᠰᠠᠷ᠎ᠠ ᠶᠢᠨ ᠳ᠋ᠦᠩᠨᠡᠯᠳᠡ︾ ︽ᠲᠤᠰᠬᠠᠢ ᠮᠡᠳᠡᠭᠡ︾ ᠵᠡᠷᠭᠡ ᠠᠴᠠ ᠰᠤᠷᠪᠤᠯᠵᠢᠯᠠᠬᠴᠢ ᠭᠠᠷ ᠤᠨ ᠠᠶ᠎ᠠ ᠪᠠᠷ ᠨᠢᠭᠡ ᠶᠢ ᠠᠪᠴᠤ ᠦᠵᠡᠪᠡᠯ᠂ 2019 ᠤᠨ ᠤ ᠬᠢᠨᠠᠨ ᠵᠢᠯᠤᠭᠤᠳᠬᠤ ᠠᠵᠢᠯ ᠤᠨ ︽ᠡᠳᠦᠷ ᠤᠨ ᠲᠡᠮᠳᠡᠭᠯᠡᠯ︾ ᠪᠠᠶᠢᠵᠤ᠂ ᠲᠡᠳᠡ ᠬᠤᠶᠠᠭᠤᠯᠠ ᠶᠢᠨ ᠡᠳᠦᠷ ᠰᠦᠨᠢ ᠦᠭᠡᠢ ᠮᠤᠩᠭᠢᠨᠠᠭᠰᠠᠨ ᠤᠯᠠ ᠮᠦᠷ ᠢᠯᠡᠬᠡᠨ ᠪᠠᠶᠢᠯ᠎ᠠ᠃ 6 ᠰᠠᠷ᠎ᠠ ᠶᠢᠨ 5᠎ ᠤ ᠡᠳᠦᠷ᠂ ᠦᠳᠡ ᠶᠢᠨ ᠡᠮᠦᠨ᠎ᠠ ᠪᠦᠬᠦ ᠰᠢᠶᠠᠩ ᠤᠨ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠤᠯᠲᠠ ᠶᠢ ᠠᠬᠢᠭᠤᠯᠬᠤ ᠬᠤᠷᠠᠯ ᠬᠤᠷᠠᠯᠳᠤᠪᠠ︔ ᠦᠳᠡ ᠶᠢᠨ ᠬᠤᠶᠢᠨ᠎ᠠ ᠪᠤᠭᠤ ᠲᠤᠰᠬᠤᠨ ᠤ ᠲᠠᠬᠳᠠᠭ᠎ᠠ ᠲᠡᠵᠢᠭᠡᠬᠦ ᠲᠠᠯᠠᠪᠠᠢ ᠳᠤ ᠵᠦᠭᠡᠯᠡᠨ ᠲᠤᠨᠤᠬ ᠤᠨ ᠪᠦᠳᠦᠭᠡᠨ ᠪᠠᠶᠢᠭᠤᠯᠤᠯᠳᠠ ᠶᠢ ᠵᠢᠯᠤᠭᠤᠳᠪᠠ︔ ᠤᠷᠤᠢ ᠨᠢ ᠰᠠᠨ ᠴᠧᠩ ᠳ᠋ᠢᠶᠠᠨ᠂ ᠾᠸᠢ ᠱᠠᠨ ᠽᠢ ᠲᠤᠰᠬᠤᠨ ᠳᠤ ᠰᠠᠭᠤᠭ᠎ᠠ ᠠᠵᠢᠯᠯᠠᠬᠤ ᠠᠩᠬᠢ ᠶᠢᠨ ᠠᠵᠢᠯ ᠤᠨ ᠪᠠᠶᠢᠷᠢ ᠳᠠᠭᠠᠨ ᠪᠠᠶᠢᠬᠤ ᠡᠰᠡᠬᠦ ᠶᠢ ᠪᠠᠶᠢᠴᠠᠭᠠᠪᠠ᠃ 6 ᠰᠠᠷ᠎ᠠ ᠶᠢᠨ 6᠎ ᠤ ᠡᠳᠦᠷ᠂ ᠦᠳᠡ ᠶᠢᠨ ᠡᠮᠦᠨ᠎ᠠ᠂ ᠰᠢᠨ ᠢ᠂ ᠨᠠᠨ ᠹᠠᠩ ᠽᠢ ᠲᠤᠰᠬᠤᠨ ᠢᠶᠠᠷ ᠬᠦᠨᠵᠡᠭᠡᠶᠢᠷᠡᠨ᠂ ᠨᠤᠷᠠᠬᠤ ᠠᠶᠤᠯᠳᠠᠢ ᠭᠡᠷ ᠪᠠᠶᠢᠰᠢᠩ ᠢ ᠵᠠᠰᠠᠨ ᠰᠢᠨᠡᠳᠭᠡᠵᠦ ᠪᠠᠶᠢᠭ᠎ᠠ ᠂ ᠲᠤᠬᠢᠲᠠᠢ ᠭᠠᠵᠠᠷ ᠨᠡᠭᠦᠯᠭᠡᠨ ᠶᠠᠳᠠᠭᠤ ᠠᠴᠠ ᠠᠩᠭᠢᠵᠢᠷᠠᠭᠤᠯᠬᠤ ᠠᠬᠢᠴᠠ ᠶᠢᠨ ᠪᠠᠶᠢᠳᠠᠯ ᠢ ᠪᠠᠶᠢᠴᠠᠭᠠᠪᠠ ᠁ ᠡᠶᠢᠨ ᠬᠦ ᠲᠡᠳᠡ ᠬᠤᠶᠠᠭᠤᠯᠠ ᠬᠠᠤᠯᠢ ᠶᠤᠰᠤᠨ ᠤ ᠠᠮᠠᠷᠠᠯᠳᠠ ᠶᠢᠨ ᠡᠳᠦᠷ ᠢᠶᠠᠨ ᠴᠤ ᠦᠷᠡᠭᠳᠡᠬᠦᠯᠵᠦ ᠠᠵᠢᠯᠯᠠᠳᠠᠭ ᠨᠢ ᠶᠡᠷᠦᠳᠡ ᠶᠢᠨ ᠶᠠᠪᠤᠲᠠᠯ ᠪᠤᠯᠵᠠᠢ᠃         100 ᠭᠠᠷᠤᠢ ᠬᠤᠭᠤᠴᠠᠭᠠᠨ ᠤ ︽ᠲᠤᠪᠴᠢ ᠮᠡᠳᠡᠭᠡ︾᠂ 20 ᠭᠠᠷᠤᠢ ᠬᠤᠭᠤᠴᠠᠭᠠᠠ ᠤ ︽ᠵᠠᠷᠯᠠᠯ ᠮᠡᠳᠡᠭᠡ︾᠎ ᠨᠢ ᠬᠢᠨᠠᠨ ᠵᠢᠯᠤᠭᠤᠳᠬᠤ ᠲᠤᠭᠤᠢᠢᠯᠠᠩ ᠤᠨ ᠬᠤᠶᠠᠷ ᠵᠢᠯ ᠭᠠᠷᠤᠢ ᠶᠢᠨ ᠠᠵᠢᠯ ᠤᠨ ᠬᠤᠷᠢᠶᠠᠩᠭᠤᠶᠢᠯᠠᠯ ᠪᠤᠯᠤᠨ᠎ᠠ᠃ ᠰᠠᠷ᠎ᠠ ᠪᠤᠯᠭᠠᠨ ᠤ ︽ᠠᠵᠢᠯ ᠳᠤ ᠭᠠᠷᠤᠭᠰᠠᠨ ᠲᠡᠮᠳᠡᠭᠯᠡᠯ︾᠎ ᠨᠢ ᠬᠢᠨᠠᠨ ᠵᠢᠯᠤᠭᠤᠳᠬᠤ ᠲᠤᠭᠤᠢᠢᠯᠠᠩ ᠤᠨ ᠡᠳᠦᠷ ᠰᠦᠨᠢ ᠦᠭᠡᠢ ᠠᠵᠢᠯ ᠤᠨ ᠪᠠᠶᠢᠷᠢ ᠪᠠᠨ ᠰᠠᠬᠢᠵᠤ᠂ ᠰᠠᠯᠬᠢ ᠪᠤᠷᠤᠭᠠᠨ ᠳᠤ ᠴᠤ ᠰᠠᠭᠠᠳᠠᠯ ᠦᠭᠡᠢ ᠬᠠᠷᠢᠭᠤᠴᠠᠯᠭ᠎ᠠ ᠪᠠᠨ ᠭᠦᠢᠴᠡᠳᠭᠡᠭᠰᠡᠨ ᠢᠮ ᠲᠠᠮᠠᠭ᠎ᠠ ᠪᠠᠶᠢᠯ᠎ᠠ᠃           ᠬᠢᠨᠠᠨ ᠵᠢᠯᠤᠭᠤᠳᠬᠤ ᠠᠵᠢᠯ ᠢ ᠬᠦᠮᠦᠨ ︽ᠭᠤᠮᠤᠳᠠᠭᠠᠬᠤ︾ ᠠᠵᠢᠯ ᠭᠡᠵᠡᠭᠡᠳᠡᠭ᠃ ᠶᠡᠷᠦᠳᠡᠭᠡᠨ ᠶᠤᠰᠤᠷᠬᠠᠬ ᠭᠢᠴᠢᠶᠡᠩᠭᠦᠢ᠂ ᠡᠶᠡᠯᠳᠡᠭ ᠲᠦᠪᠯᠡᠭᠦᠨ ᠵᠠᠩ ᠲᠠᠢ ᠵᠸᠦ ᠰᠢ ᠬᠢᠨᠠᠨ ᠵᠢᠯᠤᠭᠤᠳᠬᠤ ᠳᠠᠭᠠᠨ ᠰᠢᠯᠢᠳᠡᠭ ᠢ ᠨᠢ ᠰᠠᠶᠢᠰᠢᠶᠠᠨ ᠵᠤᠷᠢᠬᠵᠢᠭᠤᠯᠵᠤ᠂ ᠰᠤᠯᠠ ᠵᠠᠳᠠᠭᠠᠢ᠂ ᠰᠠᠬᠢᠯᠭ᠎ᠠ ᠲᠦᠷᠢᠮ ᠢ ᠵᠦᠷᠢᠴᠡᠭᠰᠡᠳ ᠲᠤ ᠦᠴᠦᠭᠡᠨ ᠴᠤ ᠨᠠᠶᠢᠷ ᠲᠠᠯ᠎ᠠ ᠬᠠᠶᠠᠯ ᠦᠭᠡᠢ ᠰᠢᠭᠦᠮᠵᠢᠯᠡᠵᠦ ᠲᠤᠩᠭᠤᠳᠳᠠᠬ᠃  ᠨᠢᠭᠡ ᠤᠳᠠᠭ᠎ᠠ ᠨᠢᠭᠡᠨ ᠲᠤᠰᠬᠤᠨ ᠤ ᠲᠠᠷᠤᠭ᠎ᠠ ᠠᠷᠢᠬᠢ ᠤᠤᠭᠤᠴᠢᠬᠠᠭᠠᠳ ᠬᠤᠷᠠᠯ ᠳᠤ ᠤᠷᠤᠯᠴᠠᠵᠤ ᠰᠢᠷᠡᠭᠡ ᠡᠯᠢᠬᠡᠳᠡᠨ ᠤᠨᠳᠠᠵᠤ᠂ ᠮᠠᠭᠤ ᠨᠦᠯᠦᠭᠡ ᠲᠤᠰᠬᠠᠯ ᠭᠠᠷᠭᠠᠵᠠᠢ᠃ ᠬᠤᠷᠠᠯ ᠤᠨ ᠲᠠᠷᠠᠭ᠎ᠠ ᠵᠸᠦ ᠰᠢ ᠲᠠᠭᠦᠨ ᠢ ᠳᠠᠭᠤᠳᠠᠨ ᠳᠤᠩᠭᠤᠳᠴᠤ᠂ ᠪᠦᠬᠦ ᠰᠢᠶᠠᠩ ᠤᠨ ᠬᠡᠪᠴᠢᠶᠠᠨ ᠳᠤ ᠵᠠᠷᠯᠠᠨ ᠰᠢᠭᠦᠮᠵᠢᠯᠡᠭᠰᠡᠨ ᠢᠶᠠᠷ ᠪᠠᠷᠠᠬᠤ ᠦᠭᠡᠢ ᠰᠢᠶᠠᠩ ᠤᠨ ᠨᠠᠮ ᠤᠨ ᠬᠤᠷᠢᠶᠠᠨ ᠳᠤ ᠲᠡᠭᠦᠨ ᠤ ᠲᠤᠰᠢᠶᠠᠯ ᠢ ᠤᠬᠴᠠᠷᠠᠭᠤᠯᠬᠤ ᠰᠠᠨᠠᠭᠤᠯᠭ᠎ᠠ ᠲᠤᠷᠠᠳᠪᠠ᠃ ᠡᠨᠡ ᠬᠦ ᠤᠴᠢᠷ ᠨᠢ ᠪᠦᠬᠦ ᠰᠢᠶᠠᠩ ᠤᠨ ᠺᠠᠳ᠋ᠷ ᠲᠤ ᠰᠡᠷᠡᠮᠵᠢ ᠶᠢᠨ ᠬᠤᠨᠭ᠍ᠬᠤ ᠴᠤᠬᠢᠭᠰᠠᠨ ᠠᠴᠠ ᠬᠤᠷᠠᠯ ᠤᠨ ᠰᠤᠷᠳᠠᠯ ᠢᠯᠡᠷᠭᠡᠢ ᠰᠠᠶᠢᠵᠢᠷᠠᠪᠠ᠃ ᠤᠷᠦ᠋ᠢᠳᠠᠵᠤ ᠢᠷᠡᠬᠦ᠂ ᠡᠷᠳᠡ ᠪᠤᠴᠠᠬᠤ᠂ ᠤᠳᠠᠰᠤ ᠲᠤᠰᠬᠤ᠂ ᠰᠢᠯᠲᠠᠭᠠᠨ ᠦᠭᠡᠢ ᠪᠠᠷ ᠬᠤᠷᠠᠯ ᠠᠴᠠ ᠰᠠᠭᠠᠲᠠᠬᠤ ᠦᠵᠡᠭᠳᠡᠯ ᠴᠦᠭᠡᠷᠡᠪᠡ᠃          ︽ᠵᠢᠯ ᠤᠨ ᠡᠴᠦᠰ ᠤᠨ ᠰᠢᠯᠭᠠᠨ ᠦᠨᠡᠯᠡᠯᠲᠡ ᠳᠤ ᠰᠡᠭᠦᠯ ᠰᠢᠪᠳᠤᠷᠤᠬᠰᠠᠨ ᠲᠤᠰᠬᠤᠨ ᠤ ᠨᠢᠭᠡᠳᠦᠭᠡᠷ ᠱᠦᠵᠢ᠂ ᠨᠠᠮ ᠤᠨ ᠡᠭᠦᠷ ᠤᠨ ᠱᠦᠵᠢ ᠶᠢ ᠲᠤᠰᠢᠶᠠᠯ ᠠᠴᠠ ᠨᠢ ᠤᠬᠴᠠᠷᠠᠭᠤᠯᠬᠤ ᠪᠠᠷ ᠰᠢᠳᠭᠡᠨ᠎ᠠ︾ ᠨᠢᠳᠦᠨᠦᠨ ᠤ 10 ᠰᠠᠷ᠎ᠠ ᠶᠢᠨ 16᠎ ᠤ ᠡᠳᠦᠷ ᠬᠢᠨᠠᠨ ᠵᠢᠯᠤᠭᠤᠳᠬᠤ ᠲᠤᠭᠤᠢᠢᠯᠠᠩ ᠨᠢ ᠰᠢᠶᠠᠩ ᠤᠨ ᠨᠠᠮ ᠤᠨ ᠬᠤᠷᠢᠶ᠎ᠠ ᠲᠠᠢ ᠬᠤᠯᠪᠤᠭᠠᠯᠠᠨ ᠪᠦᠬᠦ ᠰᠢᠶᠠᠩ ᠤᠨ 16 ᠵᠠᠰᠠᠬ ᠵᠠᠬᠢᠷᠭᠠᠨ ᠤ ᠲᠤᠰᠬᠤᠨ ᠤ ᠶᠠᠳᠠᠭᠤ ᠠᠴᠠ ᠠᠩᠬᠢᠵᠢᠷᠠᠭᠤᠯᠵᠤ ᠪᠤᠭᠤᠮᠳᠠ ᠰᠢᠪᠳᠤᠯᠤᠯᠲᠠ ᠶᠢᠨ ᠠᠵᠢᠯ ᠢ ᠰᠢᠯᠭᠠᠨ ᠦᠨᠡᠯᠡᠭᠰᠡᠨ ᠦᠷ᠎ᠠ ᠳ᠋ᠦᠩ ᠢ ᠨᠡᠶᠢᠳᠡᠯᠡᠪᠡ᠃ ᠡᠮᠦᠨ᠎ᠠ ᠭᠤᠷᠪᠠᠨ ᠨᠡᠷᠡᠰ ᠲᠤ ᠵᠢᠭᠰᠠᠭᠠᠭᠳᠠᠭᠰᠠᠳ ᠬᠤᠷᠠᠯ ᠲᠡᠭᠡᠷ᠎ᠠ ᠲᠤᠷᠰᠢᠯᠭ᠎ᠠ ᠪᠠᠨ ᠲᠠᠨᠢᠯᠴᠠᠭᠤᠯᠬᠤ ᠶᠠᠷᠢᠶ᠎ᠠ ᠲᠠᠯᠪᠢᠬᠤ ᠶᠢᠨ ᠬᠠᠮᠳᠤ ᠬᠦᠬᠢᠭᠦᠯᠦᠯ ᠬᠦᠷᠳᠡᠪᠡ︔ ᠰᠡᠭᠦᠯ ᠤᠨ ᠭᠤᠷᠪᠠᠨ ᠨᠡᠷᠡᠰ ᠨᠢ ᠤᠪᠤᠷ ᠢᠶᠠᠨ ᠢᠯᠡᠳᠭᠡᠭᠰᠡᠨ ᠤ ᠬᠠᠮᠳᠤ ᠵᠠᠷᠯᠠᠯ ᠰᠢᠭᠦᠮᠵᠢᠯᠡᠯ ᠬᠦᠯᠢᠶᠡᠵᠦ᠂ ᠬᠢᠨᠠᠨ ᠵᠢᠯᠤᠭᠤᠳᠬᠤ ᠲᠤᠭᠤᠢᠢᠯᠠᠩ ᠠᠴᠠ ᠲᠤᠰᠬᠤᠨ ᠢ ᠲᠠᠭᠠᠭᠠᠴᠢᠯᠠᠵᠤ ᠪᠠᠶᠢᠭ᠎ᠠ ᠰᠢᠶᠠᠩ ᠤᠨ ᠺᠠᠳ᠋ᠷ ᠢ ᠳᠠᠭᠤᠳᠠᠨ ᠳᠤᠩᠭᠤᠳᠴᠠᠢ᠃           ᠪᠦᠬᠦ ᠰᠢᠶᠠᠩ ᠤᠨ ᠶᠠᠳᠠᠭᠤ ᠬᠦᠴᠢᠷᠳᠡᠢ 855 ᠡᠷᠦᠭᠡ ᠶᠢᠨ ᠲᠡᠩᠰᠠᠨ ᠺᠠᠷᠲ ᠢ ᠬᠢᠨᠠᠨ ᠵᠢᠯᠤᠭᠤᠳᠬᠤ ᠲᠤᠭᠤᠢᠢᠯᠠᠩ ᠤᠨ ᠬᠢᠨ ᠨᠢᠭᠡ ᠪᠢᠰᠢ ᠤᠳᠠᠭ᠎ᠠ ᠬᠠᠷᠭᠤᠭᠤᠯᠵᠤ ᠲᠠᠩᠰᠠ ᠪᠤᠳᠤᠵᠤ ᠪᠠᠶᠢᠴᠠᠭᠠᠨ ᠦᠵᠡᠭᠰᠡᠨ ᠶᠤᠮ᠃          ︽ᠡᠨᠡ ᠶᠤᠰᠤᠳᠠᠢ ᠬᠢᠨᠠᠮᠠᠭᠠᠢ ᠪᠤᠰᠤ᠂ ᠬᠠᠷᠢᠭᠤᠴᠠᠯᠭ᠎ᠠ ᠦᠭᠡᠢ ᠶᠢᠨ ᠢᠯᠡᠷᠡᠯ︾᠃ ᠶᠠᠳᠠᠭᠤ ᠬᠦᠴᠢᠷᠳᠡᠢ ᠡᠷᠦᠭᠡ ᠵᠠᠩ ᠺᠠᠢ ᠪᠠ ᠲᠢᠳᠢᠮᠯᠢᠭ ᠯᠤᠭᠰᠢᠭᠤᠨ ᠰᠤᠳᠠᠯ ᠬᠠᠳᠠᠭᠤᠷᠠᠬᠤ ᠡᠪᠡᠳᠴᠢᠨ ᠲᠠᠢ᠂ ᠭᠡᠪᠡᠴᠦ ᠤᠳᠠᠭᠠᠨ ᠴᠢᠨᠠᠷ ᠲᠠᠢ ᠡᠪᠡᠳᠴᠢᠨ ᠤ ᠬᠡᠷ᠎ᠠ ᠲᠤᠬᠳᠠᠬᠰᠠᠨ ᠦᠢᠯᠡᠴᠢᠯᠡᠭᠡ ᠬᠦᠷᠳᠡᠭᠰᠡᠨ ᠦᠭᠡᠢ᠂ ᠬᠠᠷᠢᠨ ᠡᠷᠡᠭᠦᠯ ᠰᠠᠷᠠᠭᠤᠯ ᠼᠦᠢ ᠪᠢᠨ ᠤᠳᠠᠭᠠᠨ ᠴᠢᠨᠠᠷ ᠲᠠᠢ ᠡᠪᠡᠳᠴᠢᠨ ᠤ ᠭᠡᠷ᠎ᠠ ᠲᠤᠬᠳᠠᠬᠰᠠᠨ ᠦᠢᠯᠡᠴᠢᠯᠡᠭᠡ ᠬᠦᠷᠳᠡᠪᠡ᠃ ᠯᠦ ᡁᠢ ᠯᠦᠩ ᠶᠠᠪᠠ ᠪᠠᠶᠢᠲᠠᠯ᠎ᠠ ᠬᠦᠰᠦᠨᠦᠭᠲᠦ ᠳᠤ ᠪᠡᠷᠢᠮᠵᠢᠶ᠎ᠠ ᠬᠡᠯᠡ ᠪᠠᠷ ᠶᠡᠷᠢᠵᠤ ᠴᠢᠳᠠᠨ᠎ᠠ ᠭᠡᠵᠦ ᠲᠠᠭᠯᠠᠭᠰᠠᠨ ᠪᠠᠶᠢᠯ᠎ᠠ ᠃ ᠡᠨᠡ ᠪᠤᠯ ᠡᠨᠡ ᠵᠢᠯ ᠤᠨ ︽5 · 1︾᠎ ᠤ ᠠᠮᠠᠷᠠᠯᠳᠠ ᠪᠠᠷ ᠬᠢᠨᠠᠨ ᠵᠢᠯᠤᠭᠤᠳᠬᠤ ᠲᠤᠭᠤᠢᠢᠯᠠᠩ ᠪᠦᠬᠦ ᠰᠢᠶᠠᠩ ᠤᠨ ᠴᠡᠭᠴᠡᠯᠡᠨ ᠵᠠᠰᠠᠯᠲᠠ ᠳᠤ ︽ᠡᠷᠭᠢᠵᠦ ᠬᠠᠷᠠᠬᠤ︾ ᠪᠠᠶᠢᠴᠠᠭᠠᠯᠳᠠ ᠬᠢᠵᠦ ᠢᠯᠡᠷᠡᠭᠦᠯᠦᠭᠰᠡᠨ ᠠᠰᠠᠭᠤᠳᠠᠯ ᠪᠤᠯᠤᠨ᠎ᠠ᠃ ᠬᠢᠨᠠᠨ ᠵᠢᠯᠤᠭᠤᠳᠬᠤ ᠲᠤᠭᠤᠢᠢᠯᠠᠩ ᠠᠰᠠᠭᠤᠳᠠᠯ ᠢ ᠨᠢᠭᠤᠵᠤ ᠲᠠᠯᠳᠠᠯᠠᠯ ᠦᠭᠡᠢ ᠵᠠᠯᠭᠠᠭ᠎ᠠ ᠪᠠᠷ ᠲᠦᠷᠪᠡᠨ ᠬᠤᠭᠤᠴᠠᠭᠠᠨ ᠤ ᠬᠢᠨᠠᠨ ᠵᠢᠯᠤᠭᠤᠳᠬᠤ ︽ᠵᠠᠷᠯᠠᠯ ᠮᠡᠳᠡᠭᠡ︾ ᠨᠡᠶᠢᠳᠡᠯᠡᠵᠦ᠂ ᠲᠤᠭᠲᠠᠭᠰᠠᠨ ᠬᠤᠭᠤᠴᠠᠭᠠᠨ ᠳᠤ ᠴᠡᠭᠴᠡᠯᠡᠨ ᠵᠠᠰᠠᠬᠤ ᠶᠢ ᠵᠠᠷᠯᠠᠪᠠ᠃          ︽ᠤᠨᠢᠨ ᠲᠡᠭᠡᠷ᠎ᠠ ᠨᠢ ᠶᠠᠳᠠᠭᠤ ᠶᠢ ᠲᠡᠳᠬᠦᠬᠦ ᠬᠦᠳᠡᠯᠦᠩᠭᠦᠢ ᠲᠠᠶᠢᠯᠤᠮᠵᠢ ᠶᠢᠨ ᠲᠡᠪᠴᠠᠩ︾ ᠬᠠᠪᠤᠷ ᠤᠨ ᠬᠤᠷ᠎ᠠ ᠮᠡᠲᠦ ᠤᠮᠳᠠᠯᠠᠭ᠎ᠠ ᠲᠠᠢ          ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠤᠯᠲᠠ ᠪᠤᠯ ᠲᠤᠮᠳᠠᠳᠤ ᠤᠯᠤᠰ ᠤᠨ ᠶᠠᠳᠠᠭᠤ ᠬᠦᠴᠢᠷᠳᠡᠯ ᠳᠤ ᠬᠠᠨᠳᠤᠭᠤᠯᠤᠨ ᠵᠠᠷᠯᠠᠬᠰᠠᠨ ᠠᠤᠭ᠎ᠠ ᠠᠵᠢᠯᠯᠠᠭ᠎ᠠ ᠪᠤᠯᠤᠨ᠎ᠠ᠃ ᠬᠢᠨᠠᠨ ᠵᠢᠯᠤᠭᠤᠳᠬᠤ ᠶᠠᠪᠤᠴᠠ ᠳᠤ ᠤᠶᠢᠯᠠᠭᠠᠭᠰᠠᠨ ᠢᠶᠠᠷ᠂ ᠬᠡᠰᠡᠭ ᠨᠠᠮ ᠤᠨ ᠭᠡᠰᠢᠭᠦᠨ ᠺᠠᠳ᠋ᠷ ᠪᠤᠯᠤᠨ ᠲᠤᠰᠬᠤᠨ ᠳᠤ ᠰᠠᠭᠤᠭ᠎ᠠ ᠠᠵᠢᠯᠯᠠᠬᠤ ᠠᠩᠬᠢ ᠶᠢᠨ ᠬᠡᠰᠢᠭᠦᠳ ᠰᠢ ᠶᠢᠨ ᠫᠢᠩ ᠶᠡᠷᠦᠩᠭᠡᠢ ᠱᠦᠵᠢ ᠶᠢᠨ ᠤᠨᠢᠨ ᠲᠡᠭᠡᠷ᠎ᠠ ᠨᠢ ᠶᠠᠳᠠᠭᠤ ᠶᠢ ᠲᠡᠳᠭᠦᠬᠦ ᠦᠭᠦᠯᠡᠮᠵᠢ ᠶᠢᠨ ᠲᠤᠬᠠᠢ ᠰᠤᠷᠤᠯᠴᠠᠯᠭ᠎ᠠ ᠲᠤᠳᠠᠮᠠᠬ᠂ ᠨᠡᠪᠳᠡᠷᠬᠡᠢ ᠤᠢᠢᠯᠠᠭᠠᠯᠲᠠ ᠦᠭᠡᠢ᠂ ᠰᠠᠶᠢᠳᠤᠷ ᠦᠢᠯᠡᠳᠦᠯᠭᠡᠵᠢᠭᠦᠯᠵᠦ ᠴᠢᠳᠠᠬᠤ ᠦᠭᠡᠢ᠃ ᠲᠠᠷᠢᠶᠠᠴᠢᠳ ᠨᠡᠶᠢᠳᠡᠮ ᠳᠤ ᠪᠠᠨ ᠰᠠᠨᠠᠭᠠᠴᠢᠯᠭᠠᠲᠤ ᠤᠬᠠᠮᠰᠠᠷ ᠢᠶᠠᠷ ᠲᠤᠲᠠᠮᠠᠭ᠂ ︽ᠬᠦᠯᠢᠶᠡᠬᠦ᠂ ᠲᠦᠰᠢᠬᠦ᠂ ᠠᠪᠬᠤ︾ ᠦᠵᠡᠯ ᠰᠠᠨᠠᠭ᠎ᠠ ᠬᠦᠨᠳᠦ ᠨᠤᠴᠢᠳᠠᠢ ᠤᠷᠤᠰᠢᠵᠤ᠂ ᠶᠠᠳᠠᠭᠤ ᠡᠷᠦᠬᠡ ᠪᠤᠯᠬᠤ ᠶᠢ ᠬᠦᠭᠡᠭᠡᠴᠡᠯᠳᠦᠬᠦ ᠨᠢ ᠶᠤᠰᠤ ᠲᠠᠢ ᠭᠡᠵᠦ ᠦᠵᠡᠬᠦ ᠠᠰᠠᠭᠤᠳᠠᠯ ᠤᠷᠤᠰᠢᠵᠦ ᠪᠠᠶᠢᠬᠤ ᠶᠢ ᠤᠯᠵᠤ ᠮᠡᠳᠡᠪᠡ᠃ ᠡᠨᠡ ᠬᠦ ᠪᠠᠶᠢᠳᠠᠯ ᠢ ᠦᠨᠳᠦᠰᠦᠨ ᠠᠴᠠ ᠨᠢ ᠰᠢᠢᠳᠪᠦᠷᠢᠯᠡᠬᠦ ᠪᠠᠷ ᠬᠢᠨᠠᠨ ᠵᠢᠯᠤᠭᠤᠳᠬᠤ ᠲᠤᠭᠤᠢᠢᠯᠠᠩ ︽ᠰᠢ ᠶᠢᠨ ᠫᠢᠩ ᠤᠨ ᠤᠨᠢᠨ ᠲᠡᠭᠡᠷ᠎ᠠ ᠨᠢ ᠶᠠᠳᠠᠭᠤ ᠶᠢ ᠲᠡᠳᠭᠦᠬᠦ ᠦᠭᠦᠯᠡᠮᠵᠢ ᠶᠢᠨ ᠬᠦᠳᠡᠯᠦᠩᠭᠦᠢ ᠲᠠᠶᠢᠯᠤᠮᠵᠢ ᠶᠢᠨ ᠲᠠᠪᠴᠠᠩ︾᠎ ᠢ ᠰᠡᠲᠦᠨ ᠡᠷᠬᠢᠯᠡᠵᠦ᠂ ᠵᠸᠦ ᠰᠢ ᠦᠪᠡᠷ ᠢᠶᠠᠨ ᠲᠠᠶᠢᠯᠤᠮᠵᠢ ᠬᠢᠪᠡ᠃       2020 ᠤᠨ ᠤ 1 ᠰᠠᠷ᠎ᠠ ᠶᠢᠨ 8᠎ ᠤ ᠡᠳᠦᠷ᠂ ᠲᠠᠶᠢᠯᠤᠮᠵᠢ ᠶᠢᠨ ᠲᠠᠪᠴᠠᠩ ᠨᠢ ᠪᠤᠭᠤ ᠲᠤᠰᠬᠤᠨ ᠤ ᠨᠠᠮ ᠤᠨ ᠭᠡᠰᠢᠭᠦᠨ ᠤ ᠠᠵᠢᠯᠯᠠᠭᠠᠨ ᠤ ᠦᠷᠦᠭᠡᠨ ᠳᠤ ᠵᠢᠩᠬᠢᠨᠢ ᠪᠠᠷ ᠭᠢᠴᠢᠶᠡᠯ ᠡᠬᠢᠯᠡᠪᠡ᠃ ᠬᠢᠨᠠᠨ ᠵᠢᠯᠤᠭᠤᠳᠬᠤ ᠲᠤᠭᠤᠢᠢᠯᠠᠩ ᠤᠨ ᠺᠠᠳ᠋ᠷ ᠠᠴᠠ ᠰᠢ ᠶᠢᠨ ᠫᠢᠩ ᠶᠡᠷᠦᠩᠬᠡᠢ ᠱᠦᠵᠢ ᠶᠢᠨ ᠶᠠᠳᠠᠭᠤ ᠶᠢ ᠲᠡᠳᠭᠦᠭᠰᠡᠨ ᠦᠯᠢᠭᠡᠷ ᠢ ᠶᠠᠷᠢᠨ᠎ᠠ ᠭᠡᠬᠦ ᠶᠢ ᠰᠤᠨᠤᠰᠤᠬᠰᠠᠨ ᠲᠤᠰᠬᠤᠨ ᠤ ᠠᠷᠠᠳ ᠡᠷᠳᠡ ᠠᠴᠠ ᠲᠤᠰᠬᠤᠨ ᠤ ᠵᠦᠪᠯᠡᠯ ᠳᠤ ᠴᠤᠬᠯᠠᠷᠠᠨ᠂ ᠬᠤᠯᠠ ᠭᠠᠵᠠᠷ ᠤᠨ ᠬᠢᠨ ᠤᠨᠤᠭ᠎ᠠ ᠭᠤᠶᠤᠵᠤ ᠢᠷᠡᠵᠡᠭᠡᠭᠰᠡᠨ ᠪᠠᠶᠢᠯ᠎ᠠ᠃           ︽ᠶᠠᠭᠤᠨ ᠳᠤ ᠤᠨᠢᠨ ᠲᠡᠭᠡᠷ᠎ᠠ ᠨᠢ ᠶᠠᠳᠠᠭᠤ ᠶᠢ ᠲᠡᠳᠭᠦᠬᠦ ᠪᠤᠢ︖︾ ︽ᠶᠠᠭᠠᠬᠢᠵᠤ ᠤᠨᠢᠨ ᠲᠡᠭᠡᠷ᠎ᠠ ᠨᠢ ᠶᠠᠳᠠᠭᠤ ᠶᠢ ᠲᠡᠳᠭᠦᠬᠦ ᠪᠤᠢ︖︾ ︽ᠤᠨᠢᠨ ᠲᠡᠭᠡᠷ᠎ᠠ ᠨᠢ ᠶᠠᠳᠠᠭᠤ ᠶᠢ ᠲᠡᠳᠭᠦᠵᠦ ᠬᠢᠷᠢ ᠵᠡᠷᠭᠡ ᠶᠢᠨ ᠦᠷ᠎ᠡ ᠳ᠋ᠦᠩ ᠳᠤ ᠬᠦᠷᠭᠡᠬᠦ ᠪᠤᠢ︖︾ ᠭᠡᠬᠦ ᠭᠤᠷᠪᠠᠨ ᠲᠠᠯ᠎ᠠ ᠠᠴᠠ ᠰᠢ ᠶᠢᠨ ᠫᠢᠩ ᠶᠡᠷᠦᠩᠭᠡᠢ ᠱᠦᠵᠢ ᠶᠢᠨ ᠶᠠᠳᠠᠭᠤ ᠶᠢ ᠲᠡᠳᠭᠦᠬᠦ ᠠᠵᠢᠯ ᠤᠨ ᠲᠤᠬᠠᠢ ᠴᠢᠬᠤᠯᠠ ᠰᠢᠷᠢᠰ ᠦᠬᠦᠯᠡᠮᠵᠢ ᠶᠢ ᠵᠸᠦ ᠰᠢ ᠬᠦᠨᠵᠡᠭᠡᠢ ᠨᠠᠷᠢᠯᠢᠬ ᠲᠠᠶᠢᠯᠪᠤᠷᠢᠯᠠᠪᠠ᠃ ᠲᠦᠭᠦᠮ ᠤᠢᠢᠯᠠᠭᠠᠮᠵᠢᠳᠠᠢ ᠦᠭᠡ ᠶᠠᠷᠢᠶ᠎ᠠ ᠪᠤᠯᠤᠨ ᠰᠡᠳᠭᠢᠯ ᠬᠦᠳᠡᠯᠭᠡᠮ᠎ᠠ ᠳᠦᠷᠰᠦᠯᠢᠭ ᠦᠯᠢᠭᠡᠷ ᠨᠢ ᠤᠯᠠᠨ ᠤ ᠠᠩᠬᠠᠷᠤᠯ ᠢ ᠲᠠᠳᠠᠵᠤ᠂ ᠤᠨᠴᠠᠭᠠᠢᠢᠯᠠᠨ ᠶᠡᠷᠦᠩᠬᠡᠢ ᠱᠦᠵᠢ ᠶᠢᠨ ᠯᠢᠶᠠᠩ ᠵᠢᠶᠠ ᠾᠧ ᠳᠤ ᠶᠠᠳᠠᠭᠤ ᠶᠢ ᠲᠡᠳᠭᠦᠭᠰᠡᠨ ᠦᠢᠯᠡ ᠶᠠᠪᠤᠳᠠᠯ ᠨᠢ ᠤᠯᠠᠨ ᠤ ᠰᠡᠳᠬᠢᠯ ᠳᠤ ᠬᠦᠷᠴᠦ᠂ ᠮᠠᠰᠢ ᠤᠯᠠᠨ ᠬᠦᠮᠦᠰ ᠰᠡᠳᠭᠢᠯ ᠬᠦᠳᠡᠯᠦᠨ ᠨᠢᠯᠪᠤᠰᠤ ᠪᠦᠮᠪᠦᠷᠢᠭᠦᠯᠵᠦ ᠪᠠᠶᠢᠯ᠎ᠠ᠃ ᠬᠤᠶᠠᠷ ᠴᠠᠬ ᠭᠠᠷᠤᠢ ᠶᠢᠨ ᠲᠠᠶᠢᠯᠤᠮᠵᠢ ᠨᠢ ᠤᠯᠠᠨ ᠤ ᠤᠷᠮ᠎ᠠ ᠰᠡᠳᠭᠢᠯᠭᠡ ᠶᠢ ᠬᠦᠭᠵᠢᠭᠡᠭᠰᠡᠨ ᠢᠶᠠᠷ᠂ ᠬᠤᠭᠤᠷᠤᠨᠳᠤ ᠪᠠᠨ ᠰᠢᠪᠡᠨᠡᠯᠳᠦᠬᠦ᠂ ᠤᠳᠠᠰᠤ ᠲᠤᠰᠬᠤ᠂ ᠨᠦᠢᠷᠮᠤᠭᠯᠠᠬᠰᠠᠨ ᠬᠦᠮᠦᠨ ᠭᠠᠷᠤᠭᠰᠠᠨ ᠦᠭᠡᠢ᠃ ᠵᠠᠷᠢᠮ ᠨᠢ ᠭᠡᠷ ᠲᠡᠭᠡᠨ ᠲᠠᠶᠢᠯᠤᠮᠵᠢ ᠬᠢᠯᠭᠡᠬᠦ ᠪᠠᠷ ᠵᠸᠦ ᠰᠢ ᠶᠢ ᠤᠷᠢᠵᠤ ᠪᠠᠶᠢᠯ᠎ᠠ᠃          ᠡᠶᠢᠨ ᠬᠦ ᠪᠦᠬᠦ ᠰᠢᠶᠠᠩ ᠤᠨ 16 ᠵᠠᠰᠠᠬ ᠵᠠᠬᠢᠷᠭᠠᠨ ᠤ ᠲᠤᠰᠬᠤᠨ ᠢᠶᠠᠷ ᠲᠤᠭᠤᠷᠢᠨ ᠲᠠᠶᠢᠯᠤᠮᠵᠢ ᠬᠢᠭᠰᠡᠨ ᠢᠶᠠᠷ᠂ ᠬᠠᠪᠤᠷ ᠤᠨ ᠬᠤᠷ᠎ᠠ ᠠᠩᠭᠠᠭᠰᠠᠨ ᠭᠠᠵᠠᠷ ᠢ ᠤᠮᠳᠠᠯᠠᠬᠰᠠᠨ ᠮᠡᠲᠦ ᠪᠤᠯᠵᠤ᠂ ᠨᠠᠮ ᠤᠨ ᠦᠭᠡ ᠶᠢ ᠰᠤᠨᠤᠰᠴᠤ᠂ ᠨᠠᠮ ᠳᠠᠭᠠᠨ ᠲᠠᠯᠠᠷᠬᠠᠵᠤ᠂ ᠨᠠᠮ ᠢᠶᠠᠨ ᠲᠠᠭᠠᠵᠤ᠂ ᠶᠠᠳᠠᠭᠤ ᠠᠴᠠ ᠠᠩᠬᠢᠵᠢᠷᠠᠵᠤ ᠴᠢᠨᠡᠭᠡᠯᠢᠭ ᠨᠡᠶᠢᠭᠡᠮ ᠳᠤ ᠲᠠᠪᠰᠢᠬᠤ ᠢᠳᠡᠭᠡᠯ ᠵᠤᠷᠢᠬ ᠪᠤᠯᠤᠨ ᠰᠢᠢᠳᠮᠡᠭ ᠵᠤᠷᠢᠬ ᠪᠦᠬᠦ ᠰᠢᠶᠠᠩ ᠤᠨ ᠲᠠᠷᠢᠶᠠᠴᠢᠳ ᠤᠨ ᠲᠤᠮᠳᠠ ᠳᠤ ᠤᠷᠬᠢᠯᠤᠨ ᠪᠠᠳᠠᠷᠠᠪᠠ᠃          ᠰᠠᠨ ᠴᠧᠩ ᠳ᠋ᠢᠶᠠᠨ ᠲᠤᠰᠬᠤᠨ ᠤ ᠨᠠᠮ ᠤᠨ ᠡᠭᠦᠷ ᠤᠨ ᠱᠦᠵᠢ ᠰᠢᠦᠢ ᠸᠠᠨ ᠾᠸᠦ᠄ ︽ᠰᠢ ᠶᠡᠷᠦᠩᠬᠡᠢ ᠱᠦᠵᠢ ᠶᠢᠨ ᠶᠠᠳᠠᠭᠤ ᠶᠢ ᠲᠡᠳᠭᠦᠭᠰᠡᠨ ᠦᠯᠢᠭᠡᠷ ᠮᠢᠨᠦ ᠰᠡᠳᠭᠢᠯ ᠢ ᠬᠦᠳᠡᠯᠭᠡᠵᠦ ᠡᠷᠴᠢ ᠵᠤᠷᠢᠬ ᠢ ᠬᠦᠪᠴᠢᠯᠡᠪᠡ᠃ ᠲᠠᠷᠢᠶᠠᠴᠢᠳ ᠪᠠᠶᠠᠵᠢᠵᠤ ᠴᠢᠳᠠᠬᠤ ᠡᠰᠡᠭᠦ ᠨᠢ ᠨᠠᠮ ᠤᠨ ᠡᠭᠦᠷ ᠲᠤ ᠪᠤᠢ᠂ ᠨᠠᠮ ᠤᠨ ᠡᠭᠦᠷ ᠤᠨ ᠬᠦᠴᠦᠷᠭᠡᠭ ᠡᠰᠡᠬᠦ ᠨᠢ ᠲᠠᠭᠠᠭᠤᠯᠤᠬᠴᠢ ᠳᠤ ᠪᠤᠢ᠂ ᠪᠢ ᠤᠯᠠᠨ ᠲᠦᠮᠡᠨ ᠢᠶᠠᠨ ᠲᠠᠶᠢᠴᠢᠯᠠᠨ ᠪᠠᠶᠠᠵᠢᠯ ᠤᠨ ᠵᠠᠮ ᠢᠶᠠᠷ ᠵᠠᠮᠨᠠᠨ᠎ᠠ︾ ᠭᠡᠵᠦ ᠶᠠᠷᠢᠯ᠎ᠠ᠃          ᠰᠠᠨ ᠴᠧᠩ ᠳ᠋ᠢᠶᠠᠨ ᠲᠤᠰᠬᠤᠨ ᠤ ᠶᠠᠳᠠᠭᠤ ᠡᠷᠦᠭᠡ ᠼᠤᠤ ᠵᠢᠶᠧ᠄ ︽ᠶᠡᠷᠦᠩᠭᠡᠢ ᠱᠦᠵᠢ ᠶᠢᠨ ᠶᠠᠳᠠᠭᠤ ᠬᠤᠴᠤᠷᠤᠩᠭᠤᠢ ᠶᠢ ᠦᠭᠡᠷᠡᠴᠢᠯᠡᠬᠦ ᠪᠠᠷ ᠲᠤᠰᠬᠤᠨ ᠤ ᠠᠷᠠᠳ ᠢ ᠲᠠᠶᠢᠴᠢᠯᠠᠨ ᠠᠵᠢᠯᠯᠠᠬᠰᠠᠨ ᠦᠯᠢᠭᠡᠷ ᠨᠢ ᠮᠢᠨᠤ ᠰᠡᠳᠭᠢᠯ ᠢ ᠬᠦᠨᠳᠡᠭᠡᠯ᠎ᠠ᠂ ᠮᠠᠨ ᠤ ᠬᠢ ᠪᠤᠯ ᠡᠪᠡᠳᠴᠢᠨ ᠡᠮᠬᠡᠭ ᠠᠴᠠ ᠪᠤᠯᠵᠤ ᠶᠠᠳᠠᠭᠤᠷᠠᠭᠰᠠᠨ ᠶᠤᠮ᠂ ᠨᠠᠮ ᠤᠨ ᠶᠠᠳᠠᠭᠤ ᠶᠢ ᠲᠡᠳᠭᠦᠬᠦ ᠲᠦᠷᠦ ᠶᠢᠨ ᠪᠤᠳᠤᠯᠭ᠎ᠠ ᠪᠠᠶᠢᠬᠰᠠᠨ ᠦᠭᠡᠢ ᠪᠤᠯ ᠦᠨᠦᠳᠦᠷ ᠪᠤᠯᠳᠠᠯ᠎ᠠ ᠠᠮᠢᠳᠤᠷᠠᠵᠤ ᠲᠡᠶᠢᠯᠬᠦ ᠦᠭᠡᠢ︾ ᠭᠡᠵᠦ ᠰᠡᠳᠭᠢᠯ ᠲᠤᠬᠳᠤᠯᠤᠩᠭᠤᠢ ᠶᠠᠷᠢᠨ᠎ᠠ᠃ᠪᠤᠭᠤ ᠲᠤᠰᠬᠤᠨ ᠤ ᠲᠠᠨ ᠶᠢᠦ ᠿᠧᠨ ᠲᠠᠶᠢᠯᠤᠮᠵᠢ ᠰᠤᠨᠤᠰᠤᠬᠰᠠᠨ ᠤ ᠲᠠᠷᠠᠭ᠎ᠠ ︽ᠮᠢᠨᠤ ᠤᠷᠤᠯᠭ᠎ᠠ ᠨᠢᠭᠡᠨᠳᠡ ᠶᠠᠳᠠᠭᠤ ᠡᠷᠦᠬᠡ ᠶᠢᠨ ᠪᠠᠷᠢᠮᠵᠢᠶ᠎ᠠ ᠠᠴᠠ ᠲᠠᠪᠠᠵᠠᠢ᠂ ᠤᠳᠤ ᠲᠠᠬᠢᠵᠤ ᠤᠯᠤᠰ ᠲᠤ ᠲᠠᠷᠤᠭᠠᠰᠤ ᠨᠡᠮᠡᠷᠢᠯᠡᠵᠦ ᠪᠤᠯᠬᠤ ᠦᠭᠡᠢ︾ ᠭᠡᠵᠦ ᠰᠠᠨᠠᠭᠠᠴᠢᠯᠠᠭ᠎ᠠ ᠠᠴᠠ ᠪᠠᠨ ᠶᠠᠳᠠᠭᠤ ᠡᠷᠦᠭᠡ ᠠᠴᠠ ᠭᠠᠷᠬᠤ ᠶᠢ ᠭᠤᠶᠤᠴᠢᠯᠠᠵᠤ᠂ ᠪᠦᠬᠦ ᠰᠢᠶᠠᠩ ᠤᠨ ︽ᠶᠠᠳᠠᠭᠤ ᠠᠴᠠ ᠠᠩᠬᠢᠵᠢᠷᠠᠬᠰᠠᠨ ᠤᠳᠤᠨ︾᠎ ᠢᠶᠠᠷ ᠦᠨᠡᠯᠡᠭᠳᠡᠪᠡ᠃           ᠰᠢ ᠶᠢᠨ ᠫᠢᠩ ᠤᠨ ᠤᠨᠢᠨ ᠲᠡᠭᠡᠷ᠎ᠠ ᠨᠢ ᠶᠠᠳᠠᠭᠤ ᠶᠢ ᠲᠡᠳᠭᠦᠬᠦ ᠦᠭᠦᠯᠡᠮᠵᠢ ᠶᠢᠨ ᠬᠦᠳᠡᠯᠦᠩᠭᠦᠢ ᠲᠠᠶᠢᠯᠤᠮᠵᠢ ᠶᠢᠨ ᠲᠠᠪᠴᠠᠩ ᠨᠢ ᠲᠦ᠋ ᠴᠧᠩ ᠽᠢ ᠰᠢᠶᠠᠩ ᠠᠴᠠ ᠭᠠᠷᠴᠦ ᠪᠦᠬᠦ ᠬᠤᠰᠢᠭᠤᠨ ᠤ ᠪᠤᠯᠪᠠᠰᠤᠷᠠᠯ ᠤᠨ ᠠᠩᠬᠢ ᠳᠤ ᠲᠠᠶᠢᠯᠤᠮᠵᠢ ᠬᠢᠭᠰᠡᠨ ᠢᠶᠠᠷ ᠪᠠᠷᠠᠬᠤ ᠦᠭᠡᠢ᠂ ᠪᠤᠰᠤᠳ 12 ᠰᠤᠮᠤ ᠰᠢᠶᠠᠩ ᠪᠠᠯᠭᠠᠰᠤ ᠬᠦᠷᠢᠶᠠᠯᠡᠩ ᠲᠤᠭᠤᠷᠢᠬ ᠢᠶᠠᠷ ᠲᠤᠭᠤᠷᠢᠨ 30 ᠭᠠᠷᠤᠢ ᠲᠠᠯᠠᠪᠠᠢ ᠲᠠᠶᠢᠯᠤᠮᠵᠢ ᠬᠢᠪᠡ᠃ ᠬᠤᠰᠢᠭᠤ ᠨᠠᠮ ᠤᠨ ᠬᠤᠷᠢᠶ᠎ᠠ ᠠᠴᠠ ᠲᠠᠶᠢᠯᠤᠮᠵᠢ ᠶᠢ ᠭᠡᠷᠡᠯ ᠲᠠᠪᠠᠬ ᠵᠤᠬᠢᠶᠠᠨ᠂ ᠪᠦᠬᠦ ᠬᠤᠰᠢᠭᠤᠨ ᠤ 178 ᠵᠠᠰᠠᠬ ᠵᠠᠬᠢᠷᠭᠠᠨ ᠤ ᠲᠤᠰᠬᠤᠨ ᠳᠤ ᠲᠠᠷᠬᠠᠭᠠᠪᠠ᠃          ᠪᠤᠯᠪᠠᠰᠤᠨ ᠢ ᠦᠢᠯᠡᠳᠦᠯᠭᠡ ᠪᠠᠷ ᠲᠠᠮᠵᠢᠬᠤ ᠦᠭᠡᠢ ᠪᠤᠯ ᠪᠡᠶᠡᠯᠡᠭᠦᠯᠵᠦ ᠳᠡᠶᠢᠯᠬᠦ ᠦᠭᠡᠢ᠃ ᠬᠡᠷᠭᠢᠨ ᠶᠠᠳᠠᠭᠤ ᠶᠢ ᠲᠡᠳᠭᠦᠬᠦ ᠶᠢᠨ ᠬᠠᠮᠳᠤ ᠡᠷᠴᠢ ᠵᠤᠷᠢᠬ ᠢ ᠨᠢ ᠬᠦᠪᠴᠢᠯᠡᠵᠦ᠂ ᠲᠤᠰᠬᠤᠨ ᠤ ᠠᠷᠠᠳ ᠤᠨ ᠪᠡᠶ᠎ᠠ ᠪᠠᠨ ᠲᠠᠭᠠᠭᠠᠵᠤ ᠬᠦᠴᠦᠷᠭᠡᠭᠵᠢᠬᠦ ᠲᠤᠳᠤᠭᠠᠳᠤ ᠬᠦᠴᠦᠨ ᠢ ᠤᠯᠠᠮ ᠨᠢᠭᠡ ᠠᠯᠬᠤᠮ ᠬᠦᠭᠵᠢᠭᠡᠨ ᠤᠷᠮᠠᠰᠢᠭᠤᠯᠬᠤ ᠪᠢᠯᠡ︖ ᠬᠢᠨᠠᠨ ᠵᠢᠯᠤᠭᠤᠳᠬᠤ ᠲᠤᠭᠤᠢᠢᠯᠠᠩ ᠨᠢ ᠰᠢᠶᠠᠩ ᠤᠨ ᠨᠠᠮ ᠤᠨ ᠬᠤᠷᠢᠶ᠎ᠠ᠂ ᠵᠠᠰᠠᠬ ᠤᠨ ᠤᠷᠳᠤᠨ ᠲᠠᠢ ᠬᠠᠮᠳᠤᠷᠠᠨ ᠪᠤᠯᠪᠠᠰᠤᠨ ᠢ ᠡᠷᠬᠢᠮᠯᠡᠬᠦ ᠰᠢᠨ᠎ᠠ ᠰᠤᠷᠳᠠᠯ ᠢ ᠪᠤᠢ ᠪᠤᠯᠭᠠᠬᠤ ᠶᠢ ᠤᠷᠢᠶᠠᠯᠠᠵᠤ᠂ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠤᠯᠲᠠ ᠳᠤ ᠬᠦᠴᠦᠨ ᠨᠡᠮᠡᠷᠢᠯᠡᠪᠡ᠃          2019 ᠤᠨ ᠳᠤ ᠲᠦ᠋ ᠴᠧᠩ ᠽᠢ ᠰᠢᠶᠠᠩ ︽ᠲᠤᠰᠬᠤᠨ ᠤ ᠲᠦᠷᠢᠮ ᠠᠷᠠᠳ ᠤᠨ ᠵᠢᠷᠤᠮᠯᠠᠯ︾ ᠲᠠᠷᠤᠮᠠᠯᠯᠠᠬᠰᠠᠨ ᠡᠯᠭᠦᠮᠡᠯ ᠴᠠᠬ ᠤᠯᠠᠷᠢᠯ ᠤᠨ ᠪᠢᠴᠢᠭ ᠵᠤᠬᠢᠶᠠᠵᠦ᠂ ᠠᠶᠢᠯ ᠡᠷᠦᠭᠡ ᠪᠠᠷ ᠲᠠᠷᠬᠠᠭᠠᠵᠤ᠂ ᠬᠦᠮᠦᠨ ᠪᠦᠬᠦᠨ ᠳᠤ ᠮᠡᠳᠡᠭᠦᠯᠪᠡ᠃ ︽ᠲᠤᠰᠬᠤᠨ ᠤ ᠲᠦᠷᠢᠮ ᠠᠷᠠᠳ ᠤᠨ ᠵᠢᠷᠤᠮᠯᠠᠯ︾᠎ ᠨᠢ ᠰᠢᠨ᠎ᠠ ᠲᠦ᠋ ᠴᠧᠩ ᠽᠢ ᠶᠢ ᠪᠦᠳᠦᠭᠡᠨ ᠪᠠᠶᠢᠭᠤᠯᠬᠤ ︽ᠴᠤᠭ ᠵᠤᠯᠪᠤᠭ᠎ᠠ︾ ᠪᠤᠯᠵᠤ᠂ ︽ᠠᠭᠤᠯᠠ ᠦᠨᠳᠦᠷ ᠴᠤ ᠮᠠᠴᠤᠪᠠᠰᠤ ᠲᠠᠪᠠᠮᠤᠢ᠂ ᠵᠠᠮ ᠬᠤᠯᠠ ᠴᠤ ᠶᠠᠪᠤᠪᠠᠰᠤ ᠬᠦᠷᠦᠮᠦᠢ︾᠂ ︽ᠶᠠᠳᠠᠭᠤ ᠶᠢ ᠲᠡᠳᠭᠦᠬᠦ ᠨᠢ ᠡᠳ᠋ ᠮᠦᠩᠬᠦ ᠦᠭᠬᠦ ᠪᠤᠰᠤ᠂ ᠠᠵᠢᠯᠴᠢ ᠪᠠᠶᠢᠮᠠᠨᠵᠢᠨ ᠰᠠᠶ᠋ᠢ ᠪᠠᠶᠠᠵᠢᠨ ᠴᠢᠨᠡᠭᠡᠯᠢᠭᠵᠢᠨ᠎ᠠ︾ ᠭᠡᠬᠦ ᠪᠢᠴᠢᠭᠡᠰᠦ ᠨᠢ ᠤᠳᠬ᠎ᠠ ᠲᠡᠭᠦᠯᠳᠡᠷ ᠰᠠᠨᠠᠭ᠎ᠠ ᠬᠦᠨ ᠪᠠᠶᠢᠯ᠎ᠠ᠃ ᠪᠦᠬᠦ ᠤᠯᠤᠰ ᠤᠨ ᠶᠠᠳᠠᠭᠤ ᠶᠢ ᠲᠡᠳᠬᠦᠬᠦ ᠡᠳᠦᠷ᠂ ᠬᠢᠨᠠᠨ ᠵᠢᠯᠤᠭᠤᠳᠬᠤ ᠲᠤᠭᠤᠢᠢᠯᠠᠩ ᠨᠢ ᠰᠢᠶᠠᠩ ᠤᠨ ᠨᠠᠮ ᠤᠨ ᠬᠤᠷᠢᠶ᠎ᠠ᠂ ᠵᠠᠰᠠᠬ ᠤᠨ ᠤᠷᠳᠤᠨ ᠲᠠᠢ ᠬᠠᠮᠳᠤᠷᠠᠨ ᠶᠠᠳᠠᠭᠤ ᠠᠴᠠ ᠠᠩᠬᠢᠵᠢᠷᠠᠭᠤᠯᠵᠤ ᠪᠤᠭᠤᠮᠳᠠ ᠰᠢᠪᠳᠤᠯᠬᠤ ᠲᠠᠶᠢᠯᠠᠯᠳᠤᠭᠠᠨ ᠤ ᠮᠡᠳᠡᠯᠭᠡ ᠶᠢᠨ ᠤᠷᠤᠯᠳᠤᠭᠠᠨ — ︽ᠪᠢ ᠪᠤᠯ ᠶᠠᠳᠠᠭᠤ ᠶᠢ ᠲᠡᠳᠭᠦᠬᠦ ᠺᠠᠳ᠋ᠷ︾ ᠬᠡᠬᠦ ᠭᠤᠤᠯ ᠰᠡᠳᠦᠪᠳᠤ ᠶᠠᠷᠢᠶ᠎ᠠ ᠢᠯᠡᠳᠭᠡᠯ ᠤᠨ ᠤᠷᠤᠯᠳᠤᠭᠠᠨ ᠡᠷᠬᠢᠯᠡᠭᠰᠡᠨ ᠤ ᠬᠠᠮᠲᠤ ᠲᠤᠰᠬᠤᠨ ᠤ ᠰᠢᠯᠢᠳᠡᠭ ᠺᠠᠳ᠋ᠷ᠂ ᠲᠤᠰᠬᠤᠨ ᠤ ᠰᠢᠯᠢᠳᠡᠭ ᠠᠷᠠᠳ ᠵᠡᠷᠭᠡ ︽ᠠᠷᠪᠠᠨ ᠰᠢᠯᠢᠳᠡᠭ︾᠎ ᠢ ᠬᠦᠬᠢᠭᠦᠯᠬᠦ ᠠᠵᠢᠯᠯᠠᠭ᠎ᠠ ᠦᠷᠨᠢᠭᠦᠯᠪᠡ᠃         ᠡᠳᠡᠭᠡᠷ ᠨᠢᠳᠦᠨ ᠳᠤ ᠦᠵᠡᠭᠳᠡᠵᠦ ᠭᠠᠷ ᠲᠤ ᠪᠠᠷᠢᠬᠳᠠᠮ᠎ᠠ ᠠᠷᠭ᠎ᠠ ᠪᠠᠷᠢᠯ ᠨᠢ ᠲᠦᠪ ᠰᠤᠷᠳᠠᠯ ᠢ ᠪᠠᠳᠠᠷᠠᠭᠤᠯᠵᠤ᠂ ᠲᠠᠷᠢᠭᠦᠨ ᠤ ᠬᠢ ᠶᠢ ᠵᠤᠷᠢᠬᠵᠢᠭᠤᠯᠵᠤ᠂ ᠬᠤᠴᠤᠷᠤᠩᠭᠤᠢ ᠶᠢ ᠱᠠᠭᠠᠷᠳᠠᠨ᠂ ᠪᠦᠬᠦ ᠰᠢᠶᠠᠩ ᠤᠨ ᠠᠷᠠᠳ ᠤᠯᠠᠨ ᠤ ᠳᠤᠮᠳᠠ ᠪᠤᠯᠪᠠᠰᠤᠨ ᠢ ᠡᠷᠬᠢᠮᠯᠡᠬᠦ ᠬᠡᠪ ᠰᠤᠷᠳᠠᠯ ᠢ ᠪᠤᠢ ᠪᠤᠯᠭᠠᠬᠰᠠᠨ ᠪᠠᠶᠢᠨ᠎ᠠ᠃           ᠸᠧᠢ ᠮᠸᠢ ᠴᠧᠩ ᠪᠤᠯ ᠬᠡᠦᠬᠡᠳ ᠢᠶᠠᠨ ᠰᠤᠷᠭᠠᠭᠤᠯᠢ ᠳᠤ ᠰᠠᠭᠤᠯᠭᠠᠬᠤ ᠠᠴᠠ ᠪᠤᠯᠵᠤ ᠶᠠᠳᠠᠭᠤᠷᠠᠵᠠᠢ᠃ ᠬᠢᠨᠠᠨ ᠵᠢᠯᠤᠭᠤᠳᠬᠤ ᠲᠤᠭᠤᠢᠢᠯᠠᠩ ᠤᠨ ᠵᠤᠷᠢᠬᠵᠢᠭᠤᠯᠤᠯ ᠢᠶᠠᠷ ᠭᠠᠳᠠᠬᠰᠢ ᠭᠠᠷᠴᠤ ᠭᠠᠩᠨᠠᠭᠤᠷ ᠤᠨ ᠮᠠᠷᠭᠡᠵᠢᠯ ᠰᠤᠷᠴᠤ᠂ ᠭᠠᠩᠨᠠᠭᠤᠷᠴᠢᠨ ᠤ ᠬᠢᠷᠢ ᠬᠡᠮ ᠤᠨ ᠦᠨᠠᠮᠯᠠᠯ ᠲᠠᠢ ᠪᠤᠯᠤᠬᠰᠠᠨ ᠪᠦᠭᠡᠳ ᠭᠡᠷᠭᠡᠢ ᠰᠦᠨ ᠰᠢᠦ ᠫᠢᠩ ᠲᠠᠢ ᠪᠠᠨ ᠡᠮ ᠤᠨ ᠮᠠᠲ᠋ᠧᠷᠢᠶᠠᠯ ᠲᠠᠷᠢᠵᠤ᠂ ᠬᠤᠨᠢ ᠮᠠᠯᠵᠢᠵᠤ ᠲᠠᠤᠯᠠᠢ ᠲᠠᠵᠢᠭᠡᠨ ᠵᠢᠯ ᠳᠤ ᠪᠠᠨ ᠲᠦᠮᠨ ᠭᠠᠷᠤᠢ ᠲᠦᠬᠦᠷᠢᠭ ᠤᠨ ᠤᠷᠤᠯᠭ᠎ᠠ ᠤᠯᠵᠤ᠂ ᠶᠠᠳᠠᠭᠤ ᠠᠴᠠ ᠪᠠᠨ ᠠᠩᠬᠢᠵᠢᠷᠠᠬᠰᠠᠨ ᠢᠶᠠᠷ ᠪᠠᠷᠡᠬᠤ ᠦᠭᠡᠢ ᠨᠢᠳᠦᠨᠦᠨ ᠦᠩᠭᠡ ᠭᠡᠷᠡᠯᠳᠡᠢ ᠪᠠᠷ ᠲᠤᠮᠳᠠᠳᠤ ᠤᠯᠤᠰ ᠤᠨ ᠡᠪ ᠬᠠᠮᠳᠤ ᠨᠠᠮ ᠳᠤ ᠡᠯᠰᠡᠭᠳᠡᠪᠡ᠃ ᠪᠤᠭᠤ ᠲᠤᠰᠬᠤᠨ ᠤ ᠨᠠᠮ ᠤᠨ ᠡᠭᠦᠷ ᠤᠨ ᠱᠦᠵᠢ ᠵᠤᠤ ᠰᠧ ᠫᠢᠩ ᠭᠠᠷ ᠤᠳᠠᠰᠤ ᠪᠠᠨ ᠨᠡᠭᠡᠭᠡᠵᠦ᠂ ᠲᠤᠰᠬᠤᠨ ᠤ ︽ᠰᠤᠷᠤᠯᠴᠠᠯᠭ᠎ᠠ ᠪᠠᠷ ᠤᠯᠤᠰ ᠢᠶᠠᠨ ᠬᠦᠴᠦᠷᠭᠡᠭᠵᠢᠭᠦᠯᠬᠦ︾ ᠲᠠᠪᠴᠠᠩ ᠢ ᠭᠠᠷᠭᠠᠵᠤ᠂ ᠰᠤᠷᠤᠯᠴᠠᠯᠭ᠎ᠠ ᠶᠢᠨ ᠬᠢᠷᠢ ᠪᠦᠳᠦᠮᠵᠢ ᠶᠢ ᠤᠯᠠᠨ ᠳᠤ ᠦᠵᠡᠬᠦᠯᠵᠤ᠂ ︽ᠲᠠᠨᠤᠰ ᠦᠵᠡᠭᠡᠴᠢ᠂ ᠸᠧᠢ ᠮᠸᠢ ᠴᠧᠩ ᠨᠢᠭᠡᠨᠳᠡ 20751 ᠬᠤᠪᠢ ᠲᠠᠢ᠂ ᠰᠦᠨ ᠰᠢᠦ ᠫᠢᠩ 10946 ᠬᠤᠪᠢ ᠲᠠᠢ ᠪᠤᠯᠵᠠᠢ︾ ᠲᠡᠳᠡ ᠰᠤᠷᠤᠯᠴᠠᠯᠭ᠎ᠠ ᠳᠠᠭᠠᠨ ᠮᠠᠰᠢ ᠢᠳᠡᠪᠬᠢᠳᠡᠢ ᠭᠡᠵᠦ ᠲᠠᠨᠢᠯᠴᠠᠭᠤᠯᠪᠠ᠃          ᠤᠳᠤᠬᠠᠨ ᠳᠤ ᠪᠤᠭᠤ ᠲᠤᠰᠬᠤᠨ ᠤ ᠪᠤᠯᠪᠠᠰᠤᠨ ᠬᠡᠪ ᠰᠤᠷᠳᠠᠯ ᠨᠢ ᠪᠦᠬᠦ ᠰᠢᠶᠠᠩ ᠤᠨ ᠤᠷᠤᠬᠰᠢ ᠲᠠᠪᠰᠢᠬᠤ ᠲᠠᠭᠤᠷᠢᠶᠠᠯ ᠤᠨ ᠬᠦᠴᠦᠨ ᠪᠤᠯᠵᠤ᠂ ᠰᠢᠨ᠎ᠠ ᠴᠠᠬ ᠦᠶ᠎ᠠ ᠶᠢᠨ ᠲᠠᠷᠢᠶᠠᠴᠢᠳ ᠤᠨ ᠪᠤᠯᠪᠠᠰᠤᠨ ᠢ ᠦᠢᠯᠡᠳᠦᠯᠭᠡᠵᠢᠭᠦᠯᠬᠦ ᠪᠠᠷᠢᠮᠵᠢᠶ᠎ᠠ ᠪᠤᠯᠵᠠᠢ᠃          ᠠᠷᠠᠳ ᠤᠯᠠᠨ ᠢ ᠬᠦᠰᠡᠷᠳᠡᠭᠦᠯᠬᠦ ᠦᠭᠡᠢ ︽ᠡᠳᠡ ᠬᠤᠶᠠᠷ ᠤᠨ ᠰᠠᠶᠢᠨ ᠢ ᠬᠡᠯᠡᠵᠦ ᠪᠠᠷᠠᠰᠢ ᠦᠭᠡᠢ︾         ᠤᠯᠠᠨ ᠲᠦᠮᠡᠨ ᠤ ᠲᠤᠰᠬᠠᠯ ᠶᠡᠭᠡᠳᠡᠢ᠂ ᠵᠦᠷᠢᠴᠡᠯ ᠲᠦᠪᠯᠡᠷᠡᠩᠭᠦᠢ ᠠᠰᠠᠭᠤᠳᠠᠯ ᠢ ᠲᠡᠳᠡ ᠶᠡᠷᠦᠨᠢ ᠲᠤᠰᠬᠤᠨ ᠡᠷᠦᠭᠡ ᠪᠠᠷ ᠬᠦᠨᠵᠡᠭᠡᠶᠢᠷᠡᠨ᠂ ᠶᠤᠰᠤᠨ ᠳᠤ ᠨᠠᠶᠢᠴᠡᠭᠦᠯᠵᠦ᠂ ᠰᠠᠨᠠᠭᠠᠨ ᠳᠤ ᠲᠠᠭᠠᠯᠠᠭᠳᠠᠮ᠎ᠠ ᠪᠤᠳᠠᠳᠠᠢ ᠠᠵᠢᠯᠯᠠᠭ᠎ᠠ ᠪᠠᠷ ᠬᠠᠪᠰᠤᠷᠤᠨ ᠰᠢᠢᠳᠪᠦᠷᠢᠯᠡᠵᠦ ᠦᠭᠳᠡᠭ᠃ ᠡᠳᠡᠭᠡᠷ ᠢ ᠤᠯᠠᠨ ᠲᠦᠮᠡᠨ ᠤ ᠬᠦᠷᠭᠡᠭᠰᠡᠨ ᠭᠡᠮᠡᠷᠯᠢᠭ ᠲᠤᠬ ᠪᠤᠯᠤᠨ 120 ᠭᠠᠷᠤᠢ ᠬᠤᠭᠤᠴᠠᠭᠠᠨ ᠤ ᠬᠢᠨᠠᠨ ᠵᠢᠯᠤᠭᠤᠳᠬᠤ ︽ᠲᠤᠪᠴᠢ ᠮᠡᠳᠡᠭᠡ︾ ︽ᠵᠠᠷᠯᠠᠯ ᠮᠡᠳᠡᠭᠡ︾ ᠨᠡᠶᠢᠳᠡᠯᠡᠭᠰᠡᠨ ᠰᠠᠯᠬᠢ ᠪᠤᠷᠤᠭᠠᠨ ᠬᠠᠯᠠᠭᠤᠨ ᠬᠦᠢᠳᠡᠨ ᠢ ᠬᠠᠶᠢᠬᠤᠷᠤᠯ ᠦᠭᠡᠢ ᠰᠢᠪᠡᠷ ᠱᠠᠯᠴᠢᠬ ᠲᠠᠢ ᠬᠦᠳᠡᠭᠡ ᠶᠢᠨ ᠵᠠᠮ ᠢᠶᠠᠷ ᠠᠷᠠᠳ ᠤᠯᠠᠨ ᠤ ᠵᠦᠷᠢᠴᠡᠯ ᠢ ᠨᠠᠮᠳᠠᠭᠠᠵᠤ᠂ ᠬᠦᠴᠢᠷᠳᠡᠯ ᠢ ᠰᠢᠢᠳᠪᠦᠷᠢᠯᠡᠬᠦ ᠪᠠᠷ ᠶᠠᠭᠠᠷᠠᠵᠤ ᠶᠠᠪᠤᠭ᠎ᠠ ᠤᠷᠤ ᠪᠡᠷ᠎ᠠ ᠠᠴᠠ ᠤᠯᠵᠤ ᠬᠠᠷᠠᠯ᠎ᠠ᠃         2019 ᠤᠨ ᠳᠤ ᠲᠦ᠋ ᠴᠧᠩ ᠽᠢ ᠰᠢᠶᠠᠩ ᠤᠨ ᠨᠠᠩᠭᠤᠸᠠ ᠡᠯᠪᠡᠭ ᠬᠤᠷᠢᠶᠠᠯᠳᠠ ᠤᠯᠪᠠ᠂ ᠭᠡᠪᠡᠴᠦ 6000 ᠭᠠᠷᠤᠢ ᠲᠤᠨ ᠨᠠᠩᠭᠤᠸᠠ ᠪᠤᠷᠤᠯᠠᠭᠤᠯᠤᠬᠳᠠᠵᠤ ᠲᠠᠶᠢᠯᠬᠦ ᠦᠭᠡᠢ ᠲᠠᠷᠢᠶᠠᠴᠢᠳ ᠤᠨ ᠰᠡᠳᠭᠢᠯ ᠤᠨ ᠲᠠᠷᠤᠭᠠᠰᠤ ᠪᠤᠯᠵᠦ ᠪᠢᠯᠡ᠃᠎           ᠎ ᠪᠠᠨ ᠯᠢᠶᠠᠩ ᠲᠤᠰᠬᠤᠨ ᠤ ᠨᠠᠩᠭᠤᠸᠠ ᠪᠤᠷᠤᠯᠠᠭᠤᠯᠬᠤ ᠳᠠᠷᠤᠭᠠᠰᠤ ᠮᠠᠰᠢ ᠬᠦᠨᠳᠦ ᠪᠠᠶᠢᠪᠠ᠃ 10 ᠰᠠᠷ᠎ᠠ ᠶᠢᠨ 12᠎ ᠤᠨ ᠡᠳᠦᠷ ᠬᠢᠨᠠᠨ ᠵᠢᠯᠤᠭᠤᠳᠬᠤ ᠲᠤᠭᠤᠢᠢᠯᠠᠩ ᠡᠨᠡ ᠬᠦ ᠰᠤᠷᠠᠭ ᠢ ᠰᠤᠨᠤᠰᠤᠮᠠᠬᠴᠠ ᠪᠠᠨ ᠳᠡᠨᠳᠡ ᠬᠦᠷᠴᠦ ᠤᠴᠢᠯ᠎ᠠ᠃ ᠠᠶᠢᠯ ᠪᠤᠯᠭᠠᠨ ᠤ ᠡᠭᠦᠳᠡᠨ ᠲᠡᠭᠡᠷ᠎ᠠ ᠨᠠᠩᠭᠤᠸᠠ ᠠᠭᠤᠯᠠ ᠰᠢᠬ ᠤᠪᠤᠭᠠᠷᠠᠵᠤ᠂ ᠳᠡᠷᠭᠡᠲᠡ ᠨᠢ ᠢᠯᠵᠠᠷᠠᠬᠰᠠᠨ ᠨᠠᠩᠭᠤᠸᠠ ᠪᠠᠨ ᠢᠯᠭᠠᠵᠦ ᠪᠠᠶᠢᠭ᠎ᠠ ᠲᠠᠷᠢᠶᠠᠴᠢᠳ ᠤᠨ ᠴᠢᠷᠠᠢ ᠳᠤ ᠭᠠᠴᠢᠭᠳᠠᠵᠤ ᠲᠦᠪᠡᠭᠳᠡᠭᠰᠡᠨ ᠪᠠᠶᠢᠳᠠᠯ ᠢᠯᠡᠬᠡᠨ ᠬᠠᠷᠠᠭᠳᠠᠨ᠎ᠠ᠃           ᠤᠤᠯ ᠨᠢ ᠬᠠᠪᠤᠷ ᠤᠨ ᠲᠠᠷᠢᠶᠠᠯᠠᠭ᠎ᠠ ᠶᠢᠨ ᠦᠶ᠎ᠠ ᠪᠠᠷ ᠵᠠᠷᠢᠮ ᠬᠦᠮᠦᠰ ᠲᠠᠭᠠᠳᠬᠠᠯ ᠤᠨ ᠺᠤᠮᠫᠠᠨᠢ ᠶᠢᠨ ᠨᠡᠷ᠎ᠠ ᠪᠠᠷ ᠲᠠᠷᠢᠶᠠᠴᠢᠳ ᠲᠠᠢ ᠨᠠᠩᠭᠤᠸᠠ ᠶᠢ ᠵᠢᠩ ᠪᠦᠷᠢ ᠶᠢ ᠬᠠᠮᠤᠬ ᠬᠢᠮᠳᠠ ᠳᠠᠭᠠᠨ 0.5 ᠲᠦᠬᠦᠷᠢᠭ ᠤᠨ ᠦᠨ᠎ᠠ ᠪᠠᠷ ᠬᠤᠳᠠᠯᠳᠤᠨ ᠠᠪᠬᠤ ᠭᠡᠷ᠎ᠠ ᠲᠤᠬᠳᠠᠵᠤ᠂ ᠮᠦ ᠪᠦᠷᠢ ᠠᠴᠠ 90 ᠲᠦᠬᠦᠷᠢᠭ ᠤᠨ ᠲᠠᠭᠠᠳᠬᠠᠯ ᠤᠨ ᠮᠦᠡᠭᠭᠦ ᠬᠤᠷᠢᠶᠠᠵᠠᠢ᠃ ᠨᠠᠮᠤᠷ ᠤᠨ ᠬᠤᠷᠢᠶᠠᠯᠲᠠ ᠪᠤᠯᠬᠤ ᠪᠠᠷ ᠲᠡᠭᠡᠷ᠎ᠠ ᠵᠢᠯ ᠳᠤ ᠵᠢᠩ ᠪᠦᠷᠢ ᠳᠡᠭᠡᠨ 0.7 — 0.8 ᠲᠦᠬᠦᠷᠢᠭ ᠪᠠᠶᠢᠬᠰᠠᠨ ᠨᠠᠩᠭᠤᠸᠠ ᠶᠢᠨ ᠦᠨ᠎ᠡ ᠨᠢ ᠪᠠᠭᠤᠷᠠᠭᠠᠳ 0.1 ᠲᠦᠬᠦᠷᠢᠭ ᠴᠤ ᠬᠦᠷᠬᠦ ᠦᠭᠡᠢ ᠪᠤᠯᠤᠭᠰᠠᠨ ᠪᠠᠶᠢᠲᠠᠯ᠎ᠠ ︽ᠲᠠᠭᠠᠳᠬᠠᠯ ᠤᠨ ᠺᠤᠮᠫᠠᠨᠢ︾᠎ ᠶᠢᠨ ᠪᠠᠷ᠎ᠠ ᠨᠢ ᠴᠦ ᠬᠠᠷᠠᠬᠳᠠᠬᠤ ᠦᠭᠡᠢ ᠪᠤᠯᠵᠠᠢ᠃ ᠨᠠᠩᠭᠤᠸᠠ ᠳᠠᠷᠢᠬᠰᠠᠨ ᠲᠠᠷᠢᠶᠠᠴᠢᠳ ᠤᠨ ᠤᠯᠠᠩᠬᠢ ᠨᠢ ᠶᠠᠳᠠᠭᠤ ᠬᠦᠴᠢᠷᠳᠡᠢ ᠡᠷᠦᠭᠡ ᠳᠤᠯᠠ ᠨᠠᠩᠭᠤᠸᠠ ᠪᠠᠨ ᠪᠤᠷᠤᠯᠠᠭᠤᠯᠵᠤ ᠲᠡᠶᠢᠯᠬᠦ ᠦᠭᠡᠢ ᠢᠯᠵᠡᠷᠡᠵᠦ ᠡᠬᠢᠯᠡᠭᠰᠡᠨ ᠠᠴᠠ ᠲᠠᠷᠢᠶᠠᠴᠢᠳ ᠲᠤᠬᠳᠠᠪᠤᠷᠢ ᠠᠯᠳᠠᠵᠤ᠂ ᠵᠦᠷᠢᠴᠡᠯ ᠬᠤᠷᠴᠠᠳᠬᠤ ᠬᠡᠮᠵᠢᠶᠠᠨ ᠳᠤ ᠬᠦᠷᠪᠡ᠃          ᠲᠠᠷᠢᠶᠠᠴᠢᠳ ᠤᠨ ᠬᠦᠴᠦ ᠬᠦᠯᠦᠰᠦ ᠶᠢ ᠲᠠᠯᠠᠭᠠᠷ ᠤᠷᠤᠰᠬᠠᠵᠤ ᠶᠠᠭᠠᠬᠢᠬᠰᠠᠨ ᠴᠤ ᠪᠤᠯᠬᠤ ᠦᠭᠡᠢ᠃ ᠲᠤᠰ ᠤᠷᠤᠢ ᠳᠠᠭᠠᠨ ᠰᠤᠨᠢᠨ ᠮᠡᠳᠡᠭᠡᠨ ᠤ ᠠᠵᠢᠯᠲᠠᠨ ᠤ ᠬᠠᠷᠢᠭᠤᠴᠠᠯᠭᠠᠲᠤ ᠰᠡᠳᠬᠢᠯᠭᠡ ᠪᠠᠷ᠂ ᠵᠸᠦ ᠰᠢ ᠪᠢᠷ ᠬᠦᠳᠡᠯᠬᠡᠨ᠂ ᠵᠤᠷᠢᠬᠳᠤ ᠶᠢᠨ ᠵᠢᠷᠤᠭᠯᠠᠭᠰᠠᠨ ︽ᠴᠠᠬᠠᠷ ᠪᠠᠷᠠᠭᠤᠨ ᠭᠠᠷᠤᠨ ᠲᠤᠮᠳᠠᠳᠤ ᠬᠤᠰᠢᠭᠤᠨ ᠤ 6000 ᠲᠤᠨ ᠨᠠᠩᠭᠤᠸᠠ ᠪᠤᠷᠤᠯᠠᠭᠤᠯᠤᠬᠳᠠᠵᠤ ᠲᠡᠶᠢᠯᠬᠦ ᠦᠭᠡᠢ ᠲᠠᠷᠢᠶᠠᠴᠢᠳ ᠢ ᠭᠠᠴᠢᠬᠳᠠᠯ ᠳᠤ ᠤᠴᠠᠷᠠᠭᠤᠯᠤᠯ᠎ᠠ︾ ᠭᠡᠬᠦ  ᠸᠢᠳᠢᠤ᠋ ᠰᠤᠨᠢᠨ ᠮᠡᠳᠡᠭᠡ ᠰᠦᠯᠵᠢᠶ᠎ᠠ ᠵᠠᠭᠤᠴᠢᠯᠠᠭᠤᠷ ᠢᠶᠠᠷ ᠰᠠᠴᠤᠭᠳᠠᠵᠤ᠂ ᠬᠡᠳᠦᠭᠡᠨ ᠴᠠᠬ ᠤᠨ ᠳᠠᠷᠠᠭ᠎ᠠ᠂ ᠪᠦᠬᠦ ᠤᠯᠤᠰ ᠤᠨ ᠡᠯ᠎ᠠ ᠭᠠᠵᠠᠷ ᠠᠴᠠ ᠠᠰᠠᠭᠤᠵᠤ ᠯᠠᠪᠯᠠᠬᠤ ᠤᠳᠠᠰᠤ ᠲᠠᠰᠤᠷᠠᠬᠤ ᠦᠭᠡᠢ ᠢᠷᠡᠬᠦᠯᠵᠤ᠂ ᠨᠢᠭᠡ ᠯᠡ ᠰᠦᠨᠢ ᠶᠢᠨ ᠬᠤᠭᠤᠷᠤᠨᠳᠤ ᠲᠤᠰ ᠮᠡᠳᠡᠭᠡ ᠶᠢᠨ ᠲᠠᠷᠤᠮ ᠤᠨ ᠲᠤᠭ᠎ᠠ 1.5 ᠲᠦᠮᠡ ᠶᠢ ᠲᠠᠪᠠᠵᠤ᠂ ᠭᠡᠳᠦᠨ ᠡᠳᠦᠷ ᠤᠨ ᠲᠠᠷᠠᠭ᠎ᠠ ᠲᠠᠷᠤᠮ ᠤᠨ ᠲᠤᠭ᠎ᠠ 10 ᠲᠦᠮᠡ +᠎ ᠶᠢ ᠰᠢᠪᠳᠤᠯᠪᠠ᠃ ᠲᠠᠷᠠᠭ᠎ᠠ ᠡᠳᠦᠷ ᠤᠨ ᠬᠢᠨᠢ ᠦᠳᠡ ᠶᠢᠨ ᠡᠮᠦᠨ᠎ᠠ ᠯᠢᠶᠤᠤᠨᠢᠩ᠂ ᠪᠡᠭᠡᠵᠢᠩ᠂ ᠵᠧᠵᠢᠶᠠᠩ᠂ ᠴᠦᠩᠴᠢᠩ᠂ ᠱᠠᠨᠳᠦ᠋ᠩ ᠵᠡᠷᠭᠡ 8 ᠮᠤᠵᠢ ᠬᠤᠳᠠ ᠶᠢᠨ ᠠᠷᠠᠯᠵᠢᠶᠠᠴᠢᠨ ᠤ ᠲᠤᠮᠢᠯᠠᠭᠰᠠᠨ 35 ᠲᠤᠨ ᠤ 7 ᠠᠴᠢᠶᠠᠨ ᠤ ᠲᠤᠮᠤ ᠮᠠᠰᠢᠨ ᠪᠠᠨ ᠯᠢᠶᠠᠩ ᠲᠤᠰᠬᠤᠨ ᠳᠤ ᠢᠷᠡᠵᠦ᠂ ᠨᠠᠩᠭᠤᠸᠠ ᠠᠴᠢᠶᠠᠯᠠᠵᠤ ᠡᠬᠢᠯᠡᠪᠡ᠃ ᠵᠸᠦ ᠰᠢ ᠪᠤᠯᠤᠨ ᠵᠤᠷᠢᠬᠳᠤ ᠬᠤᠶᠠᠭᠤᠯᠠ ᠡᠯ᠎ᠠ ᠲᠤᠰᠬᠤᠨ ᠢᠶᠠᠷ ᠲᠤᠭᠤᠷᠢᠨ ᠲᠠᠷᠢᠶᠠᠴᠢᠳ ᠤᠨ ᠰᠡᠳᠭᠢᠯ ᠢ ᠲᠠᠶᠢᠳᠬᠤᠷᠠᠭᠤᠯᠵᠤ᠂ ᠠᠷᠠᠯᠵᠢᠶᠠᠴᠢᠳ ᠲᠠᠢ ᠬᠠᠷᠢᠯᠴᠠᠵᠤ᠂ ᠪᠠᠷᠠᠭ᠎ᠠ ᠲᠡᠭᠡᠭᠡᠪᠦᠷᠢ ᠶᠢ ᠵᠤᠬᠢᠴᠠᠭᠤᠯᠵᠦ ᠮᠤᠩᠬᠢᠨᠠᠯ᠎ᠠ᠃          ᠨᠠᠩᠭᠤᠸᠠ ᠪᠤᠷᠤᠯᠠᠭᠤᠯᠬᠤ ᠳᠤ ᠬᠦᠴᠢᠷᠳᠡᠢ ᠪᠤᠯᠤᠬᠰᠠᠨ ᠮᠡᠳᠡᠭᠡ ᠨᠡᠶᠢᠳᠡᠯᠡᠭᠳᠡᠮᠡᠭᠴᠡ ᠨᠡᠶᠢᠭᠡᠮ ᠤᠨ ᠡᠯ᠎ᠠ ᠡᠲᠡᠭᠡᠳ ᠤᠨ ᠠᠩᠬᠠᠷᠤᠯ ᠢ ᠬᠦᠴᠦᠳᠡᠢ ᠲᠠᠳᠠᠪᠠ᠃ ᠦᠪᠡᠷᠳᠡᠭᠡᠨ ᠵᠠᠰᠠᠬᠤ ᠤᠷᠤᠨ᠂ ᠬᠤᠳᠠ ᠪᠤᠯᠤᠨ ᠬᠤᠰᠢᠭᠤᠨ ᠤ ᠶᠠᠳᠠᠭᠤ ᠶᠢ ᠲᠡᠳᠭᠦᠬᠦ ᠡᠯ᠎ᠠ ᠪᠠᠶᠢᠭᠤᠯᠭ᠎ᠠ᠂ ᠨᠡᠶᠢᠭᠡᠮ ᠤᠨ ᠵᠤᠬᠢᠶᠠᠨ ᠪᠠᠶᠢᠭᠤᠯᠤᠯᠲᠠ ᠢᠳᠡᠪᠬᠢᠳᠡᠢ ᠴᠤᠤᠷᠢᠶᠠᠳᠤᠬᠰᠠᠨ ᠤ ᠬᠠᠮᠳᠤ ᠬᠤᠰᠢᠭᠤ ᠨᠠᠮ ᠤᠨ ᠬᠤᠷᠢᠶᠠᠨ ᠤ ᠱᠦᠵᠢ ᠯᠢᠦ ᠴᠤᠤ ᠵᠤᠬᠢᠴᠠᠭᠤᠯᠤᠨ ᠲᠤᠬᠢᠷᠠᠭᠤᠯᠬᠤ ᠲᠤᠰᠬᠠᠢ ᠬᠤᠷᠠᠯ ᠬᠤᠷᠠᠯᠳᠤᠭᠤᠯᠵᠤ᠂ ᠪᠡᠭᠡᠵᠢᠩ ᠤᠨ ᠠᠷᠠᠯᠵᠢᠶᠠᠴᠢᠨ ᠲᠠᠢ ᠬᠠᠷᠢᠯᠴᠠᠵᠤ ᠪᠤᠷᠤᠯᠠᠭᠤᠯᠤᠯᠳᠠ ᠶᠢ ᠠᠬᠢᠭᠤᠯᠪᠠ᠃ ᠨᠡᠶᠢᠭᠡᠮ ᠤᠨ ᠡᠯ᠎ᠠ ᠡᠳᠡᠭᠡᠳ ᠤᠨ ᠬᠠᠮᠵᠢᠯᠴᠠᠭ᠎ᠠ ᠲᠡᠮᠵᠢᠯᠭᠡ ᠪᠠᠷ ᠠᠷᠪᠠᠨ ᠡᠳᠦᠷ ᠪᠤᠯᠤᠬᠰᠠᠨ ᠦᠭᠡᠢ ᠪᠠᠨ ᠯᠢᠶᠠᠩ ᠲᠤᠰᠬᠤᠨ ᠬᠢᠭᠡᠳ ᠤᠢᠢᠷ᠎ᠠ ᠬᠠᠪᠢ ᠶᠢᠨ 6000 ᠭᠠᠷᠤᠢ ᠲᠤᠨ ᠨᠠᠩᠭᠤᠸᠠ ᠪᠦᠭᠦᠨ ᠢᠶᠠᠷ ᠢᠶᠠᠨ ᠪᠤᠷᠤᠯᠠᠭᠤᠯᠤᠬᠳᠠᠵᠤ᠂ ᠲᠠᠷᠢᠶᠠᠴᠢᠳ ᠤᠨ 415 ᠲᠦᠮᠡᠨ ᠲᠦᠭᠦᠷᠢᠭ ᠤᠨ ᠬᠤᠬᠢᠷᠠᠯ ᠢ ᠡᠭᠡᠭᠦᠯᠵᠦ᠂ ᠭᠠᠮᠰᠢᠭ ᠢ ᠬᠠᠮᠤᠬ ᠲᠤᠤᠷ᠎ᠠ ᠬᠡᠮᠵᠢᠶᠡᠨ ᠳᠤ ᠬᠢᠵᠠᠭᠠᠷᠯᠠᠪᠠ᠃    ᠎       ᠎ ᠪᠠᠨ ᠯᠢᠶᠠᠩ ᠲᠤᠰᠬᠤᠨ ᠤ ᠨᠠᠮ ᠤᠨ ᠡᠭᠦᠷ ᠤᠨ ᠱᠦᠵᠢ ᠳ᠋ᠢᠶᠤᠤ ᠶᠦᠨ᠄ ︽ᠲᠤᠬᠠᠢ ᠶᠢᠨ ᠦᠶ᠎ᠠ ᠳᠤ ᠬᠢᠨᠠᠨ ᠵᠢᠯᠤᠭᠤᠳᠬᠤ ᠲᠤᠭᠤᠢᠢᠯᠠᠩ ᠤᠨ ᠲᠤᠬᠢᠷᠠᠭᠤᠯᠭ᠎ᠠ ᠪᠠᠷ ᠤᠷᠢᠳᠠᠪᠡᠷ ᠶᠠᠳᠠᠭᠤ ᠬᠦᠴᠢᠷᠳᠡᠢ ᠡᠷᠦᠭᠡ ᠶᠢᠨ ᠨᠠᠩᠭᠤᠸᠠ ᠶᠢ ᠪᠤᠷᠤᠯᠠᠭᠤᠯᠵᠤ᠂ ᠲᠠᠷᠠᠭ᠎ᠠ ᠳᠤᠨᠢ ᠡᠩ ᠤᠨ ᠡᠷᠦᠭᠡ᠂ ᠬᠠᠮᠤᠬ ᠰᠡᠭᠦᠯ ᠳᠤᠨᠢ ᠨᠠᠮ ᠤᠨ ᠭᠡᠰᠢᠭᠦᠨ ᠺᠠᠳ᠋ᠷᠴᠤᠳ ᠤᠨ ᠬᠢ ᠶᠢ ᠪᠤᠷᠤᠯᠠᠭᠤᠯᠵᠠᠢ᠃ ᠡᠨᠡ ᠪᠤᠯ ᠲᠠᠷᠤᠢ ᠶᠠᠳᠠᠭᠤ ᠶᠢ ᠳᠡᠳᠭᠦᠵᠦ ᠪᠠᠶᠢᠭ᠎ᠠ ᠪᠤᠳᠠᠲᠤ ᠠᠵᠢᠯᠯᠠᠭ᠎ᠠ ᠪᠤᠯᠤᠨ᠎ᠠ᠂ ᠬᠢᠨᠠᠨ ᠵᠢᠯᠤᠭᠤᠳᠬᠤ ᠲᠤᠭᠤᠢᠢᠯᠠᠩ ᠤᠨ ᠬᠢᠨ ᠮᠠᠨᠤᠰ ᠢ ᠶᠤᠰᠤᠳᠠᠢ ᠰᠠᠶᠢᠨ ᠲᠡᠮᠵᠢᠭᠰᠡᠨ ᠰᠢᠦ᠂ ᠲᠡᠳᠡᠨ ᠤ ᠬᠠᠪᠰᠤᠷᠤᠯᠭ᠎ᠠ ᠪᠠᠶᠢᠬᠰᠠᠨ ᠦᠭᠡᠢ ᠪᠤᠯ ᠨᠢᠳᠤᠨᠦᠨ ᠮᠠᠨ ᠤ ᠲᠤᠰᠬᠤᠨ ᠶᠠᠳᠠᠭᠤ ᠠᠴᠠ ᠠᠩᠬᠢᠵᠢᠷᠠᠨ᠎ᠠ ᠭᠡᠳᠡᠭ ᠴᠢᠨᠢ ᠪᠠᠶᠢᠳᠠᠭ ᠦᠭᠡᠢ ᠶᠠᠪᠤᠳᠠᠯ︾ ᠭᠡᠵᠦ ᠰᠤᠷᠪᠤᠯᠵᠢᠯᠠᠬᠴᠢ ᠳᠤ ᠶᠠᠷᠢᠨ᠎ᠠ᠃           ᠰᠢᠨ ᠳ᠋ᠢ ᠹᠠᠩ ᠲᠤᠰᠬᠤᠨ ᠤ ᠶᠠᠳᠠᠭᠤ ᠬᠦᠴᠢᠷᠳᠡᠢ ᠡᠷᠦᠭᠡ ᠮᠧᠩ ᡁᠢ ᠮᠢᠩ ᠠᠭᠤᠰᠬᠢᠨ ᠦᠷᠪᠢᠰᠦᠯ ᠳᠤ ᠨᠡᠷᠪᠡᠭᠳᠡᠵᠦ᠂ ᠡᠭᠡᠨᠡᠷ ᠨᠢ ᠭᠠᠩᠰᠠᠷᠠᠯ ᠤᠨ ᠭᠡᠮ ᠤᠯᠵᠤ ᠪᠡᠶ᠎ᠠ ᠪᠠᠨ ᠬᠤᠤᠷᠯᠠᠬᠰᠠᠨ ᠠᠴᠠ ᠠᠮᠢᠳᠤᠷᠠᠬᠤ ᠵᠤᠷᠢᠬ ᠦᠭᠡᠢ ᠪᠤᠯᠵᠠᠢ᠃ ᠬᠢᠨᠠᠨ ᠵᠢᠯᠤᠭᠤᠳᠬᠤ ᠲᠤᠭᠤᠢᠢᠯᠠᠩ ᠤᠨ ᠬᠢᠨ ᠲᠦᠷᠪᠡ ᠤᠳᠠᠭ᠎ᠠ ᠭᠡᠷ ᠲᠤᠨᠢ ᠬᠦᠷᠴᠦ ᠪᠤᠯᠭᠤᠭᠠᠨ ᠲᠤᠬᠤᠨᠢᠭᠤᠯᠬᠤ ᠶᠢᠨ ᠲᠠᠭᠠᠤ ᠰᠡᠳᠭᠢᠯ ᠢᠶᠠᠨ ᠰᠤᠯᠢᠯᠴᠠᠵᠤ ᠰᠠᠨᠠᠭ᠎ᠠ ᠰᠡᠳᠬᠢᠯ ᠢ ᠨᠢ ᠳᠠᠶᠢᠳᠬᠤᠷᠠᠭᠤᠯᠪᠠ᠃ ᠲᠡᠭᠦᠨ ᠳᠤ ᠡᠮᠨᠡᠯᠭᠡ ᠶᠢᠨ ᠬᠤᠷᠢᠶ᠎ᠠ ᠬᠠᠷᠢᠯᠴᠠᠵᠤ ᠦᠭᠬᠦ ᠶᠢᠨ ᠬᠠᠮᠳᠤ ᠶᠡᠭᠡ ᠰᠤᠷᠭᠠᠭᠤᠯᠢ ᠲᠡᠭᠦᠰᠦᠭᠰᠡᠨ ᠬᠤᠶᠠᠷ ᠬᠡᠤᠬᠡᠨ ᠳᠤᠨᠢ ᠠᠵᠢᠯ ᠤᠯᠬᠤ ᠰᠤᠷᠠᠬ ᠵᠠᠩᠬᠢ ᠬᠠᠩᠭᠠᠵᠤ᠂ ᠲᠡᠭᠦᠨ ᠢ ᠠᠮᠢᠳᠤᠷᠠᠯ ᠳᠠᠭᠠᠨ ᠢᠳᠡᠭᠡᠯ ᠵᠤᠷᠢᠭ ᠲᠠᠢ ᠪᠠᠶᠢᠭᠠᠷᠠᠢ ᠬᠡᠵᠤ ᠵᠤᠷᠢᠬᠵᠢᠭᠤᠯᠪᠠ᠃ ᠤᠳᠤ ᠪᠤᠯᠬᠤ ᠳᠤ ᠲᠡᠷᠡᠪᠡᠷ ᠰᠢᠨ᠎ᠠ ᠭᠡᠷ ᠲᠤ ᠨᠡᠬᠦᠵᠦ ᠤᠷᠤᠭᠠᠳ ᠪᠠᠶ᠎ᠠ ᠰᠠᠳᠬᠢᠯ ᠨᠢ ᠲᠡᠩᠬᠡᠯᠡᠭᠦᠨ ᠪᠤᠯᠤᠬᠰᠠᠨ ᠪᠦᠭᠡᠳ ᠬᠤᠶᠠᠷ ᠬᠡᠤᠭᠡᠨ ᠨᠢ ᠴᠤ ᠰᠢᠨ᠎ᠠ ᠠᠵᠢᠯ ᠤᠨ ᠪᠠᠶᠢᠷᠢ ᠳᠤ ᠭᠠᠷᠴᠠᠢ᠃ ᠡᠨᠡ ᠵᠢᠯ ᠮᠧᠩ ᡁᠢ ᠮᠢᠩ ᠦᠪᠡᠷ ᠤᠨ 24 ᠮᠦ ᠲᠠᠷᠢᠶᠠᠨ ᠭᠠᠵᠠᠷ ᠠᠴᠠ ᠪᠠᠨ ᠭᠠᠳᠠᠨ᠎ᠠ ᠪᠠᠰᠠ 80 ᠮᠦ ᠤᠰᠤᠯᠠᠯᠳᠠ ᠶᠢᠨ ᠲᠠᠷᠢᠶᠠᠨ ᠭᠠᠵᠠᠷ ᠲᠠᠭᠠᠭᠠᠴᠢᠯᠠᠨ᠂ ᠨᠦᠢᠯ᠂ ᠲᠦᠮᠦᠰᠦ ᠲᠠᠷᠢᠵᠠᠢ᠃ ᠨᠢᠳᠦᠨᠦᠨ 10 ᠬᠤᠨᠢ ᠬᠤᠳᠠᠯᠳᠤᠵᠤ ᠡᠨᠡ ᠵᠢᠯ ᠪᠠᠰᠠ 10 ᠭᠠᠷᠤᠢ ᠬᠤᠨᠢ ᠮᠠᠯᠵᠢᠵᠤ᠂ ᠪᠠᠭ᠎ᠠ ᠳᠤᠭᠠᠨ ᠤ ᠢᠳᠡᠭᠡᠮᠵᠢᠳᠦ ᠵᠢᠭᠡᠯᠡᠯᠭᠡ 5 ᠲᠦᠮᠡᠨ ᠲᠦᠬᠦᠷᠢᠭ ᠵᠢᠭᠡᠯᠡᠵᠦ ᠠᠵᠤ ᠤᠨᠳᠤᠷᠤᠯᠭ᠎ᠠ ᠪᠠᠨ ᠰᠠᠶᠢᠵᠢᠷᠠᠭᠤᠯᠪᠠ᠃ ᠮᠧᠩ ᡁᠢ ᠮᠢᠩ ᠤᠨ ᠬᠡᠯᠡᠬᠦ ᠪᠠᠷ᠂ ᠬᠦᠮᠦᠨ ᠲᠡᠭᠦᠨ ᠳᠤ ᠪᠡᠷᠢ ᠲᠠᠨᠢᠯᠴᠠᠭᠤᠯᠵᠤ ᠦᠭᠬᠦᠭᠰᠡᠨ ᠢᠶᠠᠷ ᠠᠮᠢᠳᠤᠷᠠᠬᠤ ᠢᠳᠡᠭᠡᠯ ᠨᠡᠮᠡᠭᠳᠡᠯ᠎ᠠ ᠭᠡᠵᠦ ᠪᠠᠶᠢᠯ᠎ᠠ᠃           ᠬᠦᠳᠡᠭᠡ ᠲᠤᠰᠬᠤᠨ ᠤ ᠨᠤᠷᠠᠬᠤ ᠠᠶᠤᠯᠳᠠᠢ ᠭᠡᠷ ᠪᠠᠶᠢᠰᠢᠩ ᠢ ᠨᠤᠷᠠᠭᠠᠵᠤ᠂ ᠦᠭᠡᠷᠡᠴᠢᠯᠡᠨ ᠰᠢᠨᠡᠳᠭᠡᠬᠦ ᠦᠶ᠎ᠠ ᠪᠠᠷ ᠰᠢᠶᠠᠩ ᠶᠠᠩ ᠲᠤᠰᠬᠤᠨ ᠤ 71 ᠨᠠᠰᠤᠳᠠᠢ ᠶᠠᠳᠠᠭᠤ ᠡᠷᠦᠭᠡ ᠵᠠᠩ ᠵᠢᠢ ᠢᠩ ᠲᠠᠷᠢᠬᠢᠨ ᠰᠤᠳᠠᠯ ᠤᠨ ᠲᠦᠭᠵᠢᠷᠡᠯ ᠢᠶᠠᠷ ᠲᠠᠯ᠎ᠠ ᠪᠡᠶ᠎ᠠ ᠨᠢ ᠲᠡᠮᠪᠠᠷᠠᠵᠤ᠂ ᠵᠦᠨᠦᠭ ᠡᠪᠡᠳᠴᠢᠨ ᠲᠠᠢ ᠪᠤᠯᠵᠠᠢ᠃ ᠡᠭᠡᠨᠡᠷ ᠴᠢᠶᠤᠤ ᠮᠸᠢ ᠯᠢᠶᠠᠨ ᠨᠢ ᠠᠭᠤᠰᠬᠢᠨ ᠬᠠᠪᠤᠳᠠᠷ ᠲᠠᠢ᠂ 43 ᠨᠠᠰᠤᠳᠠᠢ ᠬᠦᠤ ᠨᠢ ᠨᠢᠷᠤᠭᠤᠨ ᠶᠠᠰᠤᠨ ᠤ ᠳᠠᠪᠠᠬ ᠨᠢ ᠬᠦᠳᠦ᠋ᠢᠭᠰᠡᠨ ᠠᠴᠠ ᠪᠤᠯᠵᠤ ᠬᠦᠨᠳᠦ ᠠᠵᠢᠯ ᠬᠢᠵᠦ ᠲᠡᠶᠢᠯᠬᠦ ᠦᠭᠡᠢ ᠳᠤᠯᠠ ᠨᠢᠬᠡ ᠭᠡᠷ ᠢᠶᠠᠷ ᠢᠶᠠᠨ ᠬᠠᠭᠤᠴᠢᠨ ᠭᠡᠷ ᠲᠡᠭᠡᠨ ᠬᠤᠷᠭᠤᠳᠠᠵᠤ ᠠᠮᠢᠳᠤᠷᠠᠯ ᠳᠠᠭᠠᠨ ᠢᠳᠡᠭᠡᠯ ᠠᠯᠳᠠᠭᠰᠠᠨ ᠪᠠᠶᠢᠯ᠎ᠠ᠃ ᠡᠨᠡ ᠬᠦ ᠪᠠᠶᠢᠳᠠᠯ ᠢ ᠮᠡᠳᠡᠭᠡᠳ ᠬᠢᠨᠠᠨ ᠵᠢᠯᠤᠭᠤᠳᠬᠤ ᠲᠤᠭᠤᠢᠢᠯᠠᠩ ᠤᠨ ᠬᠢᠨ ᠭᠡᠷ ᠲᠤᠨᠢ ᠬᠦᠷᠬᠦ ᠳᠤ᠂ ᠤᠨ ᠤᠳᠠᠭᠠᠨ ᠰᠡᠯᠪᠢᠨ ᠵᠠᠰᠠᠬᠰᠠᠨ ᠦᠬᠡᠢ ᠰᠢᠪᠡᠷ ᠪᠠᠶᠢᠰᠢᠩ ᠨᠢ ᠤᠳᠤᠬᠳᠠᠵᠤ ᠬᠠᠷᠠᠯᠠᠨ᠂ ᠬᠤᠶᠢᠲᠤ ᠬᠡᠷᠡᠮ ᠨᠢ ᠨᠢᠳᠦᠷᠭᠠᠨ ᠴᠢᠨᠡᠭᠡᠨ ᠠᠩ ᠭᠠᠷᠴᠤ᠂ ᠨᠤᠷᠠᠬᠤ ᠳᠤ ᠡᠨᠡᠤᠭᠡᠨ ᠳᠤ ᠪᠤᠯᠤᠬᠰᠠᠨ ᠪᠠᠶᠢᠯ᠎ᠠ᠃ ᠭᠡᠪᠡᠴᠦ ᠲᠡᠳᠡ ᠨᠡᠬᠦᠬᠦ ᠲᠤᠷ᠎ᠠ ᠦᠭᠡᠢ᠂ ᠰᠢᠨ᠎ᠠ ᠭᠡᠷ ᠴᠦ ᠪᠠᠷᠢᠬᠤ ᠦᠭᠡᠢ ᠭᠡᠨ᠎ᠡ᠃ ᠡᠶᠢᠨ ᠬᠦ ᠵᠸᠤ ᠰᠢ ᠵᠤᠷᠢᠭᠲᠤ ᠬᠤᠶᠠᠭᠤᠯᠠ ᠲᠠᠬᠢᠨ ᠳᠠᠪᠲᠠᠨ ᠲᠡᠳᠡᠨ ᠤ ᠬᠢ ᠪᠠᠷ ᠬᠦᠷᠴᠦ ᠶᠠᠳᠠᠭᠤ ᠶᠢ ᠳᠡᠳᠭᠦᠬᠦ ᠲᠦᠷᠦ ᠶᠢᠨ ᠪᠤᠳᠤᠯᠭ᠎ᠠ ᠬᠢᠭᠡᠳ ᠰᠢᠨ᠎ᠡ ᠭᠡᠷ ᠪᠠᠷᠢᠬᠤ ᠶᠢᠨ ᠠᠰᠢᠬ ᠲᠠᠢ ᠲᠠᠯ᠎ᠠ ᠶᠢ ᠤᠯᠠᠨᠳᠠ ᠤᠬᠠᠭᠤᠯᠤᠭᠰᠠᠨ ᠢᠶᠠᠷ ᠡᠴᠦᠰ ᠲᠡᠭᠡᠨ ᠭᠡᠷ ᠪᠠᠷᠢᠬᠤ ᠪᠠᠷ ᠪᠤᠯᠪᠠ᠃ ᠬᠢᠨᠠᠨ ᠵᠢᠯᠤᠭᠤᠳᠬᠤ ᠲᠤᠭᠤᠢᠢᠯᠠᠩ ᠪᠠᠷᠢᠯᠭ᠎ᠠ ᠶᠢᠨ ᠶᠠᠰᠤ ᠴᠢᠨᠠᠷ ᠢ ᠰᠠᠶᠢᠳᠤᠷ ᠬᠢᠨᠠᠨ ᠱᠠᠭᠠᠷᠳᠠᠬᠰᠠᠨ ᠢᠶᠠᠷ ᠲᠡᠳᠡ ᠤᠳᠤ ᠲᠤᠬᠢᠯᠢᠬ ᠰᠠᠶᠢᠬᠠᠨ ᠲᠤᠭᠤᠰᠬᠠᠨ ᠪᠠᠶᠢᠰᠢᠩ ᠳᠤ ᠨᠡᠬᠦᠵᠦ ᠤᠷᠤᠵᠠᠢ᠃ ᠴᠢᠶᠤᠤ ᠮᠸᠢ ᠯᠢᠶᠠᠨ᠄ ︽ᠡᠶᠢᠮᠦ ᠰᠠᠶᠢᠬᠠᠨ ᠬᠡᠷ ᠲᠤ ᠤᠷᠤᠵᠤ ᠰᠠᠭᠤᠬᠰᠠᠨ ᠨᠢ ᠪᠦᠷ ᠯᠡ ᠵᠸᠦ ᠰᠢ ᠵᠤᠷᠢᠬᠳᠤ ᠶᠢᠨ ᠰᠠᠶᠢᠨ ᠢᠶᠠᠷ ᠰᠢᠦ︕ ᠡᠳᠡ ᠬᠤᠶᠠᠷ ᠤᠨ ᠰᠠᠶᠢᠨ ᠢ ᠬᠡᠯᠡᠵᠦ ᠪᠠᠷᠠᠰᠢ ᠦᠭᠡᠢ︾ ᠭᠡᠵᠦ ᠮᠠᠬᠳᠠᠵᠤ ᠪᠠᠶᠢᠯ᠎ᠠ᠃           ᠬᠠᠮᠢᠶ᠎ᠠ ᠪᠦᠬᠦᠢ ᠰᠠᠯᠠᠭ᠎ᠠ ᠮᠦᠴᠢᠷ ᠲᠠᠢ ᠵᠤᠬᠢᠴᠠᠭᠤᠯᠭ᠎ᠠ ᠬᠢᠵᠦ ᠨᠢᠦ ᠵᠢᠶᠠ ᠹᠠᠩ ᠲᠤᠰᠬᠤᠨ ᠤ ᠴᠠᠬᠢᠯᠭᠠᠨ ᠬᠡᠷᠡᠭᠯᠡᠬᠦ ᠬᠦ᠋ᠴᠢᠷᠳᠡᠯ ᠢ ᠰᠢᠢᠳᠪᠦᠷᠢᠯᠡᠵᠦ ᠦᠭᠭᠦᠭᠰᠡᠨ︔ ᠤᠯᠠᠭᠠᠨ ᠲᠤᠪᠤ ᠪᠤᠯᠤᠡ ᠼᠠᠢ ᠵᠢᠶᠠ ᠬᠤᠤ ᠲᠤᠰᠬᠤᠨ ᠤ ᠬᠤᠭᠤᠷᠤᠨᠳᠤ ᠵᠠᠰᠠᠮᠠᠯ ᠵᠠᠮ ᠨᠡᠪᠳᠡᠷᠡᠭᠦᠯᠵᠦ᠂ ᠵᠦᠷᠢᠴᠡᠯ ᠮᠠᠷᠭᠤᠯᠳᠤᠭᠠᠨ ᠢ ᠡᠶᠡᠳᠡᠭᠦᠯᠦᠭᠰᠡᠨ︔ ᠦᠷᠭᠦᠯᠵᠢ ᠵᠠᠷᠭᠤ ᠵᠠᠭᠠᠯᠳᠤᠯᠭ᠎ᠠ ᠬᠢᠳᠡᠭ ᠤᠢ ᠬᠠᠮᠠᠭᠠᠯᠠᠬᠴᠢ ᠸᠠᠩ ᠰᠢᠦᠸᠠᠢ ᠸᠧᠨ ᠲᠠᠢ ᠡᠪᠦᠳᠦᠭ ᠨᠡᠶᠢᠯᠡᠭᠦᠯᠦᠨ ᠰᠡᠳᠬᠢᠯ ᠤᠨ ᠦᠬᠡ ᠪᠠᠨ ᠳᠡᠯᠬᠡᠵᠤ᠂ ᠨᠠᠮ ᠤᠨ ᠶᠠᠳᠠᠭᠤ ᠶᠢ ᠲᠡᠳᠭᠦᠬᠦ ᠲᠦᠷᠦ ᠶᠢᠨ ᠪᠤᠳᠤᠯᠭ᠎ᠠ ᠶᠢ ᠰᠠᠶᠢᠳᠤᠷ ᠲᠠᠶᠢᠯᠪᠤᠷᠢᠯᠠᠨ ᠦᠭᠴᠦ᠂ ᠲᠡᠭᠦᠨ ᠤ ᠰᠡᠳᠭᠢᠯ ᠤᠨ ᠡᠷᠡᠭᠡᠯᠵᠡᠭᠡ ᠶᠢ ᠠᠯᠳᠠᠷᠭᠠᠭᠰᠠᠨ︔ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠤ ᠠᠷᠭ᠎ᠠ ᠪᠦᠬᠦᠨ ᠢ ᠰᠦᠪᠡᠭᠴᠢᠯᠡᠨ ᠲᠠᠷᠢᠶᠠᠴᠢᠳ ᠢ ᠬᠠᠪᠰᠤᠷᠤᠨ 550 ᠭᠠᠷᠤᠢ ᠲᠤᠨ ᠲᠦᠮᠦᠰᠦ ᠪᠤᠷᠤᠯᠠᠭᠤᠯᠵᠦ ᠦᠭᠬᠦᠭᠰᠡᠨ ᠁          ᠬᠢᠨᠠᠨ ᠵᠢᠯᠤᠭᠤᠳᠬᠤ ᠲᠤᠭᠤᠢᠢᠯᠠᠩ ᠨᠢ ᠤᠯᠤᠰ ᠤᠨ ᠲᠦᠷᠦ ᠶᠢᠨ ᠪᠤᠳᠤᠯᠭ᠎ᠠ ᠶᠢ ᠴᠠᠬ ᠢᠮᠠᠬᠳᠠ ᠠᠩᠬᠠᠷᠴᠤ᠂ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠤᠯᠲᠠ ᠶᠢ ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠲᠦᠷᠦ ᠶᠢᠨ ᠪᠤᠳᠤᠯᠭ᠎ᠠ ᠲᠠᠢ ᠵᠤᠯᠭᠠᠯᠴᠠᠭᠤᠯᠬᠤ ᠪᠠᠷ ᠬᠦᠴᠦᠯᠡᠵᠦ᠂ ᠡᠯ᠎ᠠ ᠭᠠᠵᠠᠷ ᠲᠠᠢ ᠬᠠᠷᠢᠯᠴᠠᠵᠤ᠂ ᠬᠠᠮᠢᠶ᠎ᠠ ᠪᠦᠬᠦᠢ ᠲᠠᠯ᠎ᠠ ᠲᠠᠢ ᠵᠤᠬᠢᠴᠠᠭᠤᠯᠤᠨ᠂ ᠮᠢᠬᠠᠨ ᠤ ᠲᠠᠬᠳᠠᠭ᠎ᠠ ᠲᠠᠵᠢᠭᠡᠬᠦ ᠲᠠᠯᠠᠪᠠᠢ᠂ ᠴᠠᠭᠠᠰᠤᠨ ᠬᠠᠶᠢᠷᠴᠠᠬ ᠬᠢᠬᠦ ᠦᠢᠯᠡᠳᠪᠦᠷᠢ᠂ ᠲᠠᠤᠯᠠᠢ ᠲᠡᠵᠢᠭᠡᠬᠦ ᠲᠠᠯᠠᠪᠠᠢ ᠪᠤᠯᠤᠨ ᠦᠭᠡᠷ ᠮᠠᠯᠵᠢᠬᠤ ᠲᠠᠯᠠᠪᠠᠢ ᠵᠡᠷᠭᠡ ᠶᠢ ᠴᠤᠭᠴᠠᠯᠠᠨ ᠪᠠᠶᠢᠭᠤᠯᠪᠠ᠃ ᠤᠳᠤᠬᠠᠨ ᠳᠤ ᠲᠦ᠋ ᠴᠧᠩ ᠽᠢ ᠰᠢᠶᠠᠩ ᠤᠨ 16 ᠲᠤᠰᠬᠤᠨ ᠤ ᠵᠦᠪᠯᠡᠯ ᠨᠢ ᠲᠤᠬᠠᠢ ᠶᠢᠨ ᠭᠠᠵᠠᠷ ᠲᠠᠭᠠᠨ ᠲᠤᠬᠢᠷᠠᠭᠤᠯᠤᠨ ᠬᠠᠮᠳᠤ ᠶᠢᠨ ᠠᠵᠤ ᠠᠬᠤᠢ ᠶᠢ ᠬᠦᠭᠵᠢᠭᠦᠯᠦᠭᠡᠳ ᠠᠩᠬ᠎ᠠ ᠠᠯᠬᠤᠮ ᠤᠨ ᠦᠷ᠎ᠠ ᠠᠰᠢᠬ ᠬᠦᠷᠳᠡᠵᠦ᠂ ᠤᠷᠤᠯᠭ᠎ᠠ ᠨᠢ ᠴᠥᠮ 5 ᠲᠦᠮᠡᠨ ᠲᠦᠬᠦᠷᠢᠭ ᠲᠤ ᠬᠦᠷᠦᠭᠰᠡᠨ ᠪᠦᠭᠡᠳ ᠬᠤᠶᠠᠷ ᠲᠤᠰᠬᠤᠨ ᠤ ᠬᠠᠮᠳᠤ ᠶᠢᠨ ᠠᠵᠤ ᠠᠬᠤᠢ ᠶᠢᠨ ᠤᠷᠤᠯᠭ᠎ᠠ ᠨᠢ 8 ᠲᠦᠮᠡᠨ ᠲᠦᠭᠦᠷᠢᠭ ᠢ ᠲᠠᠪᠠᠵᠦ ᠪᠢᠯᠡ᠃ ᠪᠦᠬᠦ ᠰᠢᠶᠠᠩ ᠳᠤ ᠶᠠᠳᠠᠭᠤ ᠠᠴᠠ ᠬᠠᠷᠠᠬᠠᠨ ᠠᠩᠬᠢᠵᠢᠷᠠᠭ᠎ᠠ ᠦᠭᠡᠢ 27 ᠡᠷᠦᠭᠡ ᠶᠢᠨ 54 ᠬᠦᠮᠦᠨ ᠠᠮᠠ 2020 ᠤᠨ ᠳᠤ ᠲᠤᠬᠳᠠᠬᠰᠠᠨ ᠬᠤᠭᠤᠴᠠᠭᠠᠨ ᠳᠤ ᠶᠠᠳᠠᠭᠤ ᠠᠴᠠ ᠪᠠᠨ ᠠᠩᠬᠢᠵᠢᠷᠠᠬᠤ ᠪᠤᠯᠤᠨ᠎ᠠ᠃            ᠲᠦ᠋ ᠴᠧᠩ ᠽᠢ ᠰᠢᠶᠠᠩ ᠤᠨ ᠨᠠᠮ ᠤᠨ ᠬᠤᠷᠢᠶᠠᠨ ᠤ ᠤᠤᠯ ᠤᠨ ᠱᠦᠵᠢ ᠵᠠᠩ ᠵᠢᠶᠦ᠋ᠨ᠄ ︽ᠬᠢᠨᠠᠨ ᠵᠢᠯᠤᠭᠤᠳᠬᠤ ᠲᠤᠭᠤᠢᠢᠯᠠᠩ ᠤᠨ ᠬᠢᠨ ᠠᠳᠡ ᠢᠷᠡᠭᠰᠡᠨ ᠠᠴᠠ ᠨᠠᠭᠠᠰᠢ ᠳᠤᠰᠬᠤᠨ ᠤ ᠺᠠᠳ᠋ᠷ ᠤᠯᠠᠨ ᠲᠦᠮᠡᠨ ᠲᠠᠢ ᠠᠮᠠᠷᠬᠠᠨ ᠳᠠᠰᠤᠯᠴᠠᠵᠤ᠂ ᠬᠦᠭᠵᠢᠯᠳᠡ ᠳᠤ ᠠᠷᠭ᠎ᠠ ᠰᠡᠲᠦᠵᠦ᠂ ᠤᠬᠠᠭᠠᠨ ᠭᠠᠷᠭᠠᠨ᠂ ᠬᠤᠪᠢᠨ ᠤ ᠠᠵᠢᠯ ᠢᠶᠠᠨ ᠰᠢᠬ ᠴᠢᠷᠮᠠᠶᠢᠵᠦ᠂ ᠦᠴᠦᠬᠡᠨ ᠴᠤ ᠯᠠᠷᠵᠢᠶ᠎ᠠ ᠶᠠᠩᠪᠠ ᠲᠠᠲᠠᠳᠠᠭ ᠦᠭᠡᠢ︾ ᠭᠡᠨ᠎ᠡ᠃           2018 ᠤᠨ ᠳᠤ ᠬᠢᠨᠠᠨ ᠵᠢᠯᠤᠭᠤᠳᠬᠤ 28 ᠳ᠋ᠤᠭᠠᠷ ᠲᠤᠭᠤᠢᠢᠯᠠᠩ ᠨᠢ ᠪᠦᠬᠦ ᠬᠤᠳᠠ ᠶᠢᠨ ᠵᠢᠱᠢᠶᠡᠴᠢ ᠬᠢᠨᠠᠨ ᠵᠢᠯᠤᠭᠤᠳᠬᠤ ᠲᠤᠭᠤᠢᠢᠯᠠᠩ ᠢᠶᠠᠷ ᠦᠨᠡᠯᠡᠭᠳᠡᠵᠦ᠂ ᠵᠸᠦ ᠰᠢ ᠬᠤᠳᠠ ᠶᠢᠨ ᠨᠠᠮ ᠤᠨ ᠬᠤᠷᠢᠶᠠᠨ ᠤ ᠤᠨ ᠤ ᠰᠢᠯᠭᠠᠨ ᠦᠨᠡᠯᠡᠯᠳᠡ ᠳᠤ ᠰᠢᠯᠢᠳᠡᠭ ᠢᠶᠠᠷ ᠰᠤᠩᠭᠤᠬᠳᠠᠬᠰᠠᠨ ᠪᠠᠶᠢᠨ᠎ᠠ︔ 2019 ᠤᠨ ᠳᠤ ᠵᠤᠷᠢᠬᠳᠤ ᠴᠠᠬᠠᠷ ᠪᠠᠷᠠᠭᠤᠨ ᠭᠠᠷᠤᠨ ᠲᠤᠮᠳᠠᠳᠤ ᠬᠤᠰᠢᠭᠤᠨ ᠤ ᠨᠠᠮ ᠤᠨ ᠬᠤᠷᠢᠶᠠᠨ ᠤ ᠤᠨ ᠤ ᠰᠢᠯᠭᠠᠨ ᠦᠨᠡᠯᠡᠯᠳᠡ ᠳᠤ ᠰᠢᠯᠢᠳᠡᠭ ᠢᠶᠠᠷ ᠰᠤᠩᠭᠤᠬᠳᠠᠪᠠ᠃ 2019 ᠤᠨ ᠳᠤ ᠴᠠᠬᠠᠷ ᠪᠠᠷᠠᠭᠤᠨ ᠭᠠᠷᠤᠨ ᠲᠤᠮᠳᠠᠳᠤ ᠬᠤᠰᠢᠭᠤᠨ ᠳᠤ ᠰᠠᠭᠤᠭ᠎ᠠ ᠦᠪᠡᠷᠳᠡᠭᠡᠨ ᠵᠠᠰᠠᠬᠤ ᠤᠷᠤᠨ ᠤ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠤᠯᠲᠠ ᠶᠢᠨ ᠶᠡᠷᠦᠩᠬᠡᠢ ᠠᠵᠢᠯᠯᠠᠬᠤ ᠠᠩᠬᠢ ᠨᠢ ᠶᠠᠳᠠᠭᠤ ᠶᠢ ᠲᠡᠳᠭᠦᠬᠦ ᠬᠢᠨᠠᠨ ᠵᠢᠯᠤᠭᠤᠳᠬᠤ ᠠᠵᠢᠯ ᠤᠨ ᠲᠤᠷᠰᠢᠯᠭ᠎ᠠ ᠰᠤᠯᠢᠯᠴᠠᠬᠤ ᠲᠤᠬᠠᠢ ᠶᠢᠨ ᠭᠠᠵᠠᠷ ᠤᠨ ᠬᠤᠷᠠᠯ ᠢ ᠲᠦ᠋ ᠴᠧᠩ ᠽᠢ ᠰᠢᠶᠠᠩ ᠳᠤ ᠬᠤᠷᠠᠯᠳᠤᠭᠤᠯᠪᠠ᠃ ᠡᠳᠡᠭᠡᠷ ᠨᠢ ᠲᠡᠳᠡᠨ ᠤ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠤᠯᠲᠠ ᠶᠢ ᠬᠢᠨᠠᠨ ᠵᠢᠯᠤᠭᠤᠳᠬᠤ ᠠᠵᠢᠯ ᠳᠠᠭᠠᠨ ᠴᠢᠷᠮᠠᠶᠢᠬᠰᠠᠨ ᠤ ᠪᠤᠳᠠᠲᠤ ᠦᠨᠡᠯᠡᠯᠳᠡ ᠪᠤᠯᠬᠤ ᠶᠤᠮ᠃           ᠶᠠᠳᠠᠭᠤ ᠬᠦᠴᠢᠷᠳᠡᠯᠳᠡᠢ ᠤᠯᠠᠨ ᠲᠦᠮᠡᠨ ᠢ ᠬᠡᠷᠭᠢᠨ ᠶᠠᠳᠠᠭᠤ ᠠᠴᠠ ᠨᠢ ᠠᠩᠬᠢᠵᠢᠷᠠᠭᠤᠯᠵᠤ ᠴᠢᠨᠡᠭᠡᠯᠢᠭ ᠠᠮᠢᠳᠤᠷᠠᠯ ᠡᠳ᠋ᠯᠡᠭᠦᠯᠬᠦ ᠶᠢ ᠢᠮᠬᠠᠳᠠ ᠰᠡᠳᠭᠢᠯ ᠳᠡᠭᠡᠨ ᠪᠤᠳᠤᠵᠤ ᠲᠠᠷᠢᠬᠢᠨ ᠳᠠᠭᠠᠨ ᠲᠤᠩᠭᠠᠵᠤ ᠶᠠᠪᠤᠳᠠᠬ ᠬᠢᠨᠠᠨ ᠵᠢᠯᠤᠭᠤᠳᠬᠤ ᠲᠤᠭᠤᠢᠢᠯᠠᠩ ᠤᠨ ᠲᠡᠷᠡ ᠬᠤᠶᠠᠷ ᠡᠪᠡᠳᠴᠦ ᠵᠤᠪᠠᠭ᠋ᠤ ᠶᠢ ᠬᠠᠶᠢᠬᠤᠷᠤᠯ ᠦᠭᠡᠢ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠤᠯᠲᠠ ᠶᠢᠨ ᠡᠮᠦᠨ᠎ᠠ ᠹᠷᠤᠨᠲ ᠲᠤ ᠭᠠᠪᠰᠢᠭᠠᠢᠢᠯᠠᠨ᠎ᠠ᠃ ᠵᠸᠦ ᠰᠢ ᠨᠢᠷᠤᠭᠤ ᠰᠡᠭᠡᠷ ᠤᠨ ᠡᠪᠡᠳᠴᠢᠨ ᠪᠤᠯᠤᠨ ᠰᠢᠷ᠎ᠠ ᠬᠤᠰᠤᠬᠤ ᠬᠠᠭᠤᠴᠢᠨ ᠠᠷᠬᠠᠬ ᠲᠠᠢ ᠪᠠᠶᠢᠬᠰᠠᠨ ᠴᠤ ᠡᠮᠨᠡᠯᠭᠡ ᠳᠤ ᠤᠴᠢᠵᠤ ᠪᠠᠶᠢᠴᠠᠭᠠᠯᠭᠠᠬᠤ ᠴᠢᠯᠦᠭᠡ ᠦᠭᠡᠢ ᠡᠪᠡᠳᠬᠦ ᠶᠢ ᠵᠤᠬᠰᠤᠭᠠᠬᠤ ᠡᠮ ᠢᠶᠠᠨ ᠳᠡᠷ᠎ᠡ ᠶᠢᠨ ᠢᠶᠠᠨ ᠬᠠᠵᠠᠭᠤ ᠳᠤ ᠲᠠᠯᠪᠢᠵᠤ᠂ ᠡᠪᠡᠳᠴᠢᠨ ᠨᠢ ᠬᠦᠳᠡᠯᠪᠡᠯ ᠨᠢᠭᠡ ᠦᠷᠢᠯ ᠡᠮ ᠤᠤᠭᠤᠵᠤ ᠠᠵᠢᠯ ᠳᠠᠭᠠᠨ ᠭᠠᠷᠳᠠᠬ᠃ ᠨᠠᠶᠠᠨ ᠨᠠᠰᠤ ᠶᠢ ᠠᠬᠢᠬᠰᠠᠨ ᠠᠪᠤ ᠡᠵᠢ ᠨᠢ ᠡᠪᠡᠳᠴᠢᠨ ᠬᠠᠭᠤᠴᠢ ᠪᠠᠷ ᠡᠮᠨᠡᠯᠭᠡ ᠳᠤ ᠰᠠᠭᠤᠬᠰᠠᠨ ᠴᠤ ᠠᠰᠠᠷᠠᠵᠤ ᠬᠠᠷᠠᠭᠠᠯᠵᠠᠬᠤ ᠵᠠᠪ ᠳᠡᠭᠦᠨ ᠳᠤ ᠭᠠᠷᠤᠬᠰᠠᠨ ᠦᠭᠡᠢ᠂ ᠬᠤᠶᠠᠷ ᠵᠢᠯ ᠤᠨ ᠲᠤᠷᠰᠢ ᠴᠠᠭᠠᠨ ᠰᠠᠷ᠎ᠠ ᠶᠢᠨ ᠠᠮᠠᠷᠠᠯᠳᠠ ᠪᠠᠷ ᠨᠢᠭᠡ ᠯᠡ ᠤᠳᠠᠭ᠎ᠠ ᠠᠷᠤ ᠭᠡᠷ ᠲᠡᠭᠡᠨ ᠬᠠᠷᠢᠵᠤ ᠠᠪᠤ ᠡᠵᠢ ᠪᠠᠨ ᠡᠷᠬᠢᠵᠤ ᠦᠵᠡᠪᠡ᠃ ᠵᠤᠷᠢᠬᠳᠤ ᠤᠳᠠᠭᠠᠨ ᠬᠤᠭᠤᠴᠠᠭ᠎ᠠ ᠪᠠᠷ ᠺᠤᠮᠫᠢᠦ᠋ᠲᠧᠷ ᠤᠨ ᠡᠮᠦᠨ᠎ᠠ ᠠᠵᠢᠯᠯᠬᠠᠰᠠᠭᠠᠷ ᠪᠠᠶᠢᠭᠠᠳ ᠬᠠᠷᠠᠭᠠᠨ ᠤ ᠮᠡᠳᠡᠷᠡᠯ ᠤᠨ ᠮᠢᠨᠴᠣᠭᠦᠷᠡᠯ ᠳᠤ ᠨᠡᠷᠪᠡᠭᠳᠡᠵᠠᠢ᠂ ᠭᠡᠪᠡᠴᠤ ᠳᠡᠷᠡ ᠤᠷᠤᠢ ᠦᠳᠡᠰᠢ ᠶᠢᠨ ᠴᠢᠯᠦᠭᠡ ᠪᠠᠷ ᠢᠶᠠᠨ ᠭᠤᠷᠪᠠᠨ ᠰᠠᠷ᠎ᠠ ᠭᠠᠷᠦᠢ ᠵᠡᠭᠦᠦ ᠲᠦᠭᠡᠨᠡᠯᠭᠡ ᠶᠢᠨ ᠵᠠᠰᠠᠯ ᠬᠢᠬᠦ ᠳᠡᠭᠡᠨ ᠨᠢᠭᠡ ᠴᠤ ᠡᠳᠦᠷ ᠤᠨ ᠴᠢᠯᠦᠭᠡ ᠠᠪᠤᠬᠰᠠᠨ ᠦᠭᠡᠢ ᠠᠵᠢᠯ ᠳᠠᠭᠠᠨ ᠶᠠᠭᠠᠷᠠᠬᠰᠠᠭᠠᠷ ᠪᠠᠶᠢᠪᠠ᠃            ᠬᠢᠨᠠᠨ ᠵᠢᠯᠤᠭᠤᠳᠬᠤ ᠲᠤᠭᠤᠢᠢᠯᠠᠩ ᠤᠨ ᠬᠢᠨ ᠪᠤᠴᠠᠬᠤ ᠪᠤᠯᠤᠬᠰᠠᠨ ᠢ ᠮᠡᠳᠡᠭᠰᠡᠨ ᠪᠠᠨ ᠯᠢᠶᠠᠩ ᠲᠤᠰᠬᠤᠨ ᠤ ᠲᠦᠴᠢᠭᠡᠳ ᠡᠷᠦᠬᠡ ᠶᠢᠨ ᠳᠠᠷᠢᠶᠠᠴᠢᠳ᠄ ︽ᠠᠷᠠᠳ ᠤᠯᠠᠨ ᠢ ᠰᠡᠳᠭᠢᠯ ᠳᠡᠭᠡᠨ ᠪᠠᠭᠲᠠᠭᠠᠵᠤ᠂ ᠤᠯᠠᠨ ᠲᠦᠮᠡᠨ ᠤ ᠠᠰᠢᠬ ᠲᠤᠰᠠ ᠶᠢᠨ ᠲᠦᠯᠦᠭᠡ ᠴᠢᠷᠮᠠᠶᠢᠵᠤ ᠶᠠᠪᠤᠳᠠᠬ ᠡᠶᠢᠮᠦᠷᠬᠦ ᠰᠠᠶᠢᠨ ᠺᠠᠳ᠋ᠷ ᠪᠢᠳᠡᠨ ᠳᠤ ᠬᠡᠷᠡᠭᠴᠡᠭᠡ ᠲᠠᠢ᠂ ᠪᠢᠳᠡ ᠶᠠᠪᠤᠭᠤᠯᠬᠤ ᠲᠤᠷ᠎ᠠ ᠦᠭᠡᠢ︾ ᠭᠡᠰᠡᠨ ᠬᠤᠷᠤᠭᠤ ᠲᠠᠷᠤᠬᠰᠠᠨ ᠭᠤᠶᠤᠴᠢᠯᠠᠯ ᠤᠨ ᠪᠢᠴᠢᠭ ᠢ ᠬᠤᠳᠠ ᠶᠢᠨ ᠨᠠᠮ ᠤᠨ ᠬᠤᠷᠢᠶᠠᠨ ᠳᠤ ᠲᠡᠪᠰᠢᠭᠦᠯᠵᠠᠢ᠃             ᠲᠦ᠋ ᠴᠧᠩ ᠽᠢ ᠰᠢᠶᠠᠩ ᠤᠨ ᠲᠤᠰᠬᠤᠨ ᠡᠷᠦᠭᠡ ᠪᠠᠷ ᠬᠦᠷᠬᠦ ᠳᠤ ᠵᠸᠦ ᠰᠢ ᠵᠤᠷᠢᠬᠳᠤ ᠬᠤᠶᠠᠷ ᠢ ᠲᠠᠨᠢᠬᠤ ᠦᠭᠡᠢ ᠬᠦᠮᠦᠨ ᠪᠠᠶᠢᠬᠤ ᠦᠭᠡᠢ᠂ ᠲᠠᠷᠢᠶᠠᠴᠢᠳ᠄ ︽ᠰᠢᠶᠤᠤ ᠵᠸᠦ᠂ ᠰᠢᠶᠤᠤ ᠵᠤᠤ ᠬᠤᠶᠠᠷ ᠶᠤᠰᠤᠳᠠᠢ ᠰᠠᠶᠢᠨ ᠺᠠᠳ᠋ᠷ ᠰᠢᠦ︕︾ ᠭᠡᠵᠦ ᠡᠷᠡᠭᠡᠢ ᠭᠠᠷᠭᠠᠨ ᠮᠠᠬᠳᠠᠵᠠᠭᠠᠨ᠎ᠠ᠃                                 ᠢᠷᠡᠯᠲᠡ᠄ ᠤᠯᠠᠭᠠᠨᠴᠠᠪ ᠤᠨ ᠰᠤᠨᠢᠨ                                 ᠨᠠᠶᠢᠷᠠᠭᠤᠯᠤᠭᠴᠢ᠄ ᠲᠤᠶᠠᠭ᠎ᠠ
 
ᠢᠷᠡᠯᠲᠡ᠄ ᠵᠢᠨᠢᠡᠭ ᠲᠤᠭᠤᠷᠢᠭ ᠤᠨ ᠵᠠᠰᠠᠭ ᠤᠨ ᠤᠷᠳᠤᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2