ᠤᠷᠠᠯᠢᠭ ᠤᠨ ᠵᠢᠳᠬᠦᠯᠲᠡᠨ ᠤ ᠨᠤᠲᠤᠭ ᠲᠠᠭᠠᠨ ᠡᠷᠭᠦᠭᠰᠡᠨ ᠪᠡᠯᠡᠭ
ᠨᠡᠶᠢᠲᠡᠯᠡᠭᠰᠡᠨ ᠴᠠᠭ᠄
2020/8/12
         ᠡᠭᠡᠯᠵᠢᠯᠡᠬᠦ ᠲᠦᠷᠪᠡᠨ ᠴᠠᠭ ᠤᠨ ᠦᠡᠭᠭᠡ ᠦᠯᠵᠡᠢ ᠶᠢ ᠪᠦᠷᠢᠳᠦᠭᠦᠯᠵᠦ᠂ ᠡᠭᠡᠨᠡᠭᠰᠢᠬᠦ ᠪᠡᠶ᠎ᠡ ᠰᠡᠳᠬᠢᠯ ᠤᠨ ᠬᠠᠶᠢᠷ᠎ᠠ ᠰᠠᠨᠠᠯ ᠢ ᠠᠷᠭᠠᠮᠵᠢᠳᠠᠭ ᠨᠢ ᠨᠤᠲᠤᠭ ᠶᠤᠮ᠂ ᠡᠨᠡ ᠯᠡ ᠰᠠᠶᠢᠬᠠᠨ ᠨᠤᠲᠤᠭ ᠤᠨ ᠢᠶᠠᠨ ᠴᠡᠩᠬᠡᠭ ᠠᠭᠠᠷ ᠤᠳᠬ᠎ᠠ ᠰᠤᠶᠤᠯ ᠢᠶᠠᠷ ᠠᠪᠢᠶᠠᠰ ᠤᠬᠠᠭ᠎ᠠ ᠪᠠᠨ ᠭᠡᠶᠢᠭᠦᠯᠦᠭᠰᠡᠨ ᠠᠯᠳᠠᠷᠲᠤ ᠤᠷᠠᠯᠢᠭᠴᠢᠨ ᠷᠠᠰᠢᠨᠢᠮ᠎ᠠ ᠭᠤᠸᠠᠢ ᠲᠦᠷᠦᠭᠰᠡᠨ ᠨᠤᠲᠤᠭ ᠢᠶᠠᠨ ᠡᠷᠭᠢᠬᠦ ᠳᠡᠭᠡᠨ ᠲᠠᠷᠢᠭᠰᠠᠨ ᠮᠤᠳᠤ ᠨᠢ ᠤᠷᠤᠨ ᠨᠤᠲᠤᠭ ᠤᠨ ᠤᠢᠢᠵᠢᠭᠤᠯᠤᠯᠲᠠ ᠳᠤ ᠮᠤᠨᠳᠠᠭ ᠶᠡᠭᠡ ᠳᠠᠭᠠᠭᠤᠯᠬᠤ ᠬᠦᠴᠦᠨ ᠪᠤᠯᠵᠦ ᠴᠠᠬᠠᠷ ᠪᠠᠷᠠᠭᠤᠨ ᠭᠠᠷᠤᠨ ᠬᠤᠶᠢᠲᠦ ᠬᠤᠰᠢᠭᠤᠨ ᠤ ᠨᠠᠮ ᠵᠠᠰᠠᠭ ᠮᠠᠯᠴᠢᠨ ᠲᠦᠮᠡᠨ ᠤ ᠠᠴᠢ ᠪᠠᠷ ᠨᠤᠮᠢᠨ ᠨᠤᠭᠤᠭᠠᠨ ᠦᠵᠡᠮᠵᠢ ᠶᠢ ᠪᠦᠷᠢᠳᠦᠭᠦᠯᠦᠭᠰᠡᠨ ᠨᠤᠲᠤᠭ ᠢᠶᠠᠨ ᠬᠠᠷᠠᠭᠠᠳ ᠰᠡᠳᠬᠢᠯ ᠳᠤᠭᠳᠤᠯᠬᠤ ᠳᠠᠭᠠᠨ ᠬᠠᠷᠢᠭᠤ ᠪᠡᠯᠡᠭ ᠪᠤᠯᠭᠠᠬᠤ ᠭᠡᠵᠦ ᠳᠠᠭᠤᠴᠢᠨ ᠬᠠᠨᠢ ᠳᠡᠳᠮ᠎ᠠ ᠶᠢᠨ ᠢᠶᠠᠨ ᠰᠠᠨᠠᠭᠤᠯᠭ᠎ᠠ ᠪᠠᠷ ︽ᠮᠢᠨᠦ ᠨᠤᠲᠤᠭ ᠤᠨ ᠤᠨᠠᠭᠠᠨ ᠪᠠᠭᠤᠴᠠ᠂ ᠦᠯᠦᠭᠡᠢ ᠨᠤᠲᠤᠭ ᠢᠶᠠᠨ ᠤᠶᠠᠩᠭᠠᠯᠠᠨ ᠳᠠᠭᠤᠯᠠᠨᠠᠮ︾ ᠤᠷᠠᠨ ᠰᠠᠶᠢᠬᠠᠨ ᠤ ᠲᠤᠭᠯᠠᠯᠲᠠ ᠪᠠᠨ ᠴᠠᠬᠠᠷ ᠪᠠᠷᠠᠭᠤᠨ ᠭᠠᠷᠤᠨ ᠬᠤᠶᠢᠲᠤ ᠬᠤᠰᠢᠭᠤᠨ ᠤ ᠠᠭᠤᠢ ᠶᠢᠨ ᠰᠦᠮ᠎ᠡ ᠶᠢᠨ ᠡᠩᠭᠡᠷ ᠲᠠᠬᠢ ᠴᠠᠭᠠᠨ ᠤᠪᠤᠭ᠎ᠠ ᠵᠤᠭᠠᠴᠠᠯ ᠤᠨ ᠪᠠᠭᠤᠴᠠᠨ ᠳᠤ ᠨᠤᠳᠤᠬ ᠤᠨ ᠤᠯᠠᠨ ᠳᠠᠭᠠᠨ ᠰᠤᠨᠢᠷᠬᠠᠭᠤᠯᠤᠯ᠎ᠠ᠃         ᠠᠯᠳᠠᠷᠲᠤ ᠳᠠᠭᠤᠴᠢᠨ ᠳᠡᠳᠮ᠎ᠠ ᠶᠢᠨ ᠬᠦᠦ ᠪᠤᠯᠤᠨ ᠤᠮᠪᠤᠯᠤ ᠭᠤᠷᠪᠠᠨ ᠦᠶ ᠎ᠡ ᠶᠢᠨ ᠳᠠᠭᠤᠴᠢᠨ ᠤ ᠤᠶᠠᠩᠭᠠᠯᠢᠭ ᠡᠭᠡᠰᠢᠭ ᠢᠶᠠᠷ ᠲᠤᠭᠯᠠᠯᠲᠠ ᠶᠢᠨ ᠬᠦᠰᠢᠭᠡ ᠪᠠᠨ ᠰᠡᠭᠦᠵᠦ᠂ ︽ᠤᠭᠠᠯᠵᠠ ᠰᠡᠶᠢᠯᠦᠭᠰᠡᠨ ᠽᠠᠨᠳᠠᠨ ᠡᠮᠡᠭᠡᠯ ︾ ᠲᠠᠢ ᠰᠠᠯᠬᠢ ᠰᠡᠶᠢᠭᠡᠭᠦᠯᠦᠨ ᠳᠠᠪᠬᠢᠭᠰᠠᠨ ᠨᠠᠰᠤᠨ ᠪᠠᠭᠰᠢ ᠶᠢᠨ ᠲᠤᠷᠭᠠᠨ ᠬᠤᠭᠤᠯᠠᠢ ᠨᠠᠷᠠ ᠲᠤᠨᠤᠷᠠᠭᠰᠠᠨ ᠨᠠᠢᠮᠠᠨ ᠰᠠᠷ᠎ᠠ ᠶᠢᠨ ᠠᠭᠠᠷ ᠲᠤ ᠬᠦᠯᠦᠭᠯᠡᠨ᠂ ᠰᠡᠷᠪᠡᠯᠵᠡᠨ ᠨᠠᠶᠢᠭᠤᠬᠤ ᠡᠪᠡᠰᠦ ᠨᠤᠭᠤᠭ᠎ᠠ ᠨᠢ ᠵᠢᠨᠬᠤᠸᠠᠷ ᠪᠠᠭᠰᠢ ᠶᠢᠨ ᠢᠷᠠᠭᠤ ᠳᠠᠭᠤᠨ ᠳᠤ ᠰᠤᠭᠲᠤᠭᠤᠷᠠᠵᠦ᠂ ᠵᠡᠷᠭᠡᠯᠭᠡᠨᠳᠦ ᠬᠦᠨᠳᠡᠢ ᠶᠢᠨ ᠤᠶᠠᠩᠭ᠎ᠠ ᠶᠢᠨ ᠴᠤᠭᠯᠠᠭ᠎ᠠ ᠬᠤᠷᠠᠭᠰᠠᠨ ᠲᠦᠮᠡᠨ ᠤ ᠬᠠᠯᠠᠭᠤᠨ ᠠᠯᠠᠭ᠎ᠠ ᠲᠠᠰᠢᠯᠲᠠ ᠳᠤᠮᠳᠠ ᠨᠢᠵᠢᠭᠡᠷ ᠦᠷᠭᠦᠯᠵᠢᠯᠡᠬᠦ ᠳᠡᠭᠡᠨ ᠠᠬᠠᠮᠠᠳ ᠤᠷᠠᠯᠢᠭᠴᠢᠳ ᠤᠨ ᠴᠤᠭ ᠵᠤᠯᠪᠤᠭ᠎ᠠ ᠵᠠᠯᠠᠭᠤ ᠱᠠᠪᠢᠨᠠᠷ ᠤᠨ ᠢᠶᠠᠨ ᠤᠷᠮ᠎ᠠ ᠶᠢ ᠬᠦᠭᠵᠢᠭᠡᠨ ᠤᠷᠠᠨ ᠨᠤᠭᠤᠯᠭᠠᠲᠤ ᠳᠡᠭᠵᠢᠨ ᠪᠦᠵᠢᠭ᠂ ᠤᠶᠠᠷᠠᠮ᠎ᠠ ᠬᠦᠭ ᠲᠠᠢ ᠮᠤᠷᠢᠨ ᠬᠤᠭᠤᠷ ᠤᠨ ᠭᠠᠶᠢᠬᠠᠮᠰᠢᠭ ᠢ ᠬᠠᠷᠠᠭᠤᠯᠤᠭᠰᠠᠨ 15 ᠲᠤᠭᠯᠠᠯᠲᠠ ᠪᠠᠷ ᠨᠤᠲᠤᠭ ᠤᠨ ᠮᠠᠯᠴᠢᠨ ᠠᠷᠠᠳ ᠤᠨ ᠢᠶᠠᠨ ᠰᠡᠳᠬᠢᠯ ᠳᠤ ᠬᠦᠷᠦᠭᠰᠡᠨ ᠤᠶᠠᠩᠭᠠᠲᠤ ᠡᠭᠡᠰᠢᠭ ᠲᠠᠢ ᠨᠠᠨᠳᠢᠨ ᠪᠡᠯᠡᠭ ᠢᠶᠠᠨ ᠳᠡᠪᠰᠢᠭᠦᠯᠵᠡᠢ᠃          ᠲᠤᠭᠯᠠᠯᠲᠠ ᠶᠢᠨ ᠠᠬᠤᠢ ᠲᠠᠯᠠᠪᠠᠢ ᠳᠤ ᠮᠠᠰᠢ ᠤᠯᠠᠨ ᠦᠵᠡᠭᠴᠢ ᠴᠤᠭᠯᠠᠷᠠᠨ᠂ ᠠᠯᠳᠠᠷᠲᠤ ᠳᠠᠭᠤᠴᠢᠳ ᠤᠨ ᠢᠶᠠᠨ ᠤᠶᠠᠩᠭ᠎ᠠ ᠳᠠᠭᠤᠨ ᠳᠤ ᠬᠦᠭᠰᠡᠵᠦ᠂ ᠠᠯᠠᠭ᠎ᠠ ᠪᠠᠨ ᠲᠠᠰᠢᠨ ᠤᠤᠬᠠᠢᠢᠯᠠᠵᠦ ᠰᠠᠭᠤᠭ᠎ᠠ ᠮᠠᠯᠴᠢᠨ ᠠᠷᠠᠳ ᠡᠭᠴᠡ ᠤᠷᠤᠢ ᠠᠴᠠ ᠲᠦᠭᠡᠨᠡᠭᠰᠡᠨ ᠭᠤᠤᠯ ᠦᠳᠡ ᠶᠢᠨ ᠨᠠᠷᠠᠨ ᠳᠤ ᠴᠤ ᠬᠡᠪ ᠢᠶᠠᠷ ᠢᠶᠠᠨ ᠪᠠᠶᠢᠭᠰᠠᠭᠠᠷ ᠪᠠᠶᠢᠯ᠎ᠠ᠃          ᠷᠠᠰᠢᠨᠢᠮ᠎ᠠ ᠭᠤᠸᠠᠢ ᠨᠤᠲᠤᠭ ᠤᠰᠤ ᠪᠠᠨ ᠰᠠᠨᠠᠭᠠᠯᠵᠠᠨ ᠳᠤᠷᠠᠰᠬᠤ ᠶᠢᠨ ᠡᠷᠬᠡ ᠪᠠᠷ ᠶᠠᠭᠤ ᠨᠢᠭᠡ ᠶᠢ ᠬᠢᠵᠦ ᠪᠦᠲᠦᠭᠡᠬᠦ ᠭᠡᠰᠡᠨ ᠪᠤᠳᠤᠯ ᠢᠶᠠᠷ ᠤᠨᠠᠭᠠᠨ ᠪᠠᠭᠤᠴᠠ ᠴᠠᠭᠠᠨ ᠬᠦᠷᠢᠶ᠎ᠡ ᠶᠢᠨ ᠢᠶᠠᠨ ᠬᠠᠪᠢ ᠪᠠᠷ ᠮᠤᠳᠤ ᠲᠠᠷᠢᠬᠤ ᠰᠠᠨᠠᠭᠠᠴᠢᠯᠠᠭ᠎ᠠ ᠳᠤᠷᠠᠳᠤᠨ ᠬᠤᠰᠢᠭᠤ ᠵᠠᠰᠠᠭ ᠤᠨ ᠢᠶᠠᠨ ᠬᠠᠯᠠᠭᠤᠨ ᠳᠡᠮᠵᠢᠯᠭᠡ ᠪᠠᠷ ᠮᠤᠳᠤ ᠵᠠᠶᠢᠯᠠᠬᠰᠠᠨ ᠪᠠᠶᠢᠨ᠎ᠠ᠃ ᠵᠠᠶᠢᠯᠠᠭᠰᠠᠨ ᠮᠤᠳᠤ ᠨᠢ ᠰᠠᠬᠤᠯᠢᠭ ᠡᠳᠡᠭᠡᠷᠡᠵᠦ᠂ ᠵᠠᠵᠢᠨ ᠪᠤᠭᠤᠷᠤᠯ ᠨᠠᠰᠤᠲᠠᠨ ᠤ ᠰᠡᠳᠬᠢᠯ ᠢ ᠤᠶᠠᠷᠠᠭᠠᠵᠦ᠂ ᠨᠠᠮ ᠵᠠᠰᠠᠭ ᠨᠤᠲᠤᠭ ᠤᠨ ᠤᠯᠠᠨ ᠤ ᠪᠠᠨ ᠬᠦᠴᠦ ᠬᠦᠳᠡᠯᠮᠦᠷᠢ ᠳᠤ ᠲᠠᠯᠠᠷᠬᠠᠨ᠎ᠠ ᠭᠡᠰᠡᠨ ᠪᠤᠳᠤᠯ ᠢ ᠨᠢ ᠳᠡᠮᠵᠢᠵᠦ ᠢᠷᠡᠭᠰᠡᠨ ᠳᠡᠳᠮ᠎ᠠ ᠪᠠᠭᠰᠢ᠂ ᠬᠦᠮᠦᠨ ᠪᠤᠯᠤᠭᠰᠠᠨ ᠤ ᠬᠤᠪᠢ ᠳᠤ ᠬᠦᠮᠦᠨ ᠤ ᠰᠠᠶᠢᠨ ᠢ ᠶᠢ ᠮᠠᠷᠲᠠᠵᠦ ᠪᠤᠯᠬᠤ ᠦᠭᠡᠢ ᠬᠡᠮᠡᠨ ᠴᠢᠷᠮᠠᠶᠢᠨ ᠵᠢᠳᠬᠦᠵᠦ᠂ ᠳᠠᠭᠤᠴᠢᠨ ᠬᠦᠮᠦᠨ ᠳᠠᠭᠤᠤ ᠪᠠᠷ ᠢᠶᠠᠨ ᠯᠡ ᠪᠦᠬᠦ᠋ᠢᠯᠡ ᠰᠠᠨᠠᠭ᠎ᠠ ᠪᠤᠳᠤᠯ ᠢᠶᠠᠨ ᠢᠯᠡᠳᠭᠡᠵᠦ ᠴᠢᠳᠠᠬᠤ ᠤᠷᠠᠨ ᠮᠡᠳᠡᠷᠡᠮᠵᠢ ᠳᠡᠭᠡᠨ ᠳᠦᠰᠢᠵᠦ᠂ ᠪᠡᠶ᠎ᠡ ᠰᠡᠳᠬᠢᠯ ᠤᠨ ᠠᠯᠵᠢᠶᠠᠯ ᠵᠦᠳᠡᠷᠡᠯ ᠢ ᠤᠮᠠᠷᠳᠠᠨ ᠨᠦᠬᠦᠷ ᠤᠨ ᠢᠶᠠᠨ ᠰᠠᠨᠠᠭ᠎ᠠ ᠶᠢ ᠭᠦᠢᠴᠡᠳᠭᠡᠬᠦ ᠪᠠᠷ ᠳᠡᠭᠵᠢᠨ ᠬᠤᠶᠠᠷ ᠤᠮᠪᠤᠯᠤ ᠪᠠᠨ ᠳᠠᠭᠠᠭᠤᠯᠤᠨ ᠤᠶᠠᠩᠭ᠎ᠠ ᠳᠠᠭᠤᠤ ᠪᠠᠷ ᠢᠶᠠᠨ ᠠᠴᠢ ᠬᠠᠷᠢᠭᠤᠯᠵᠦ ᠪᠠᠶᠢᠭ᠎ᠠ ᠬᠠᠷᠢᠭᠤᠴᠠᠯᠭᠠᠲᠤ ᠤᠪᠤᠷ ᠨᠢ ᠳᠠᠭᠤᠴᠢᠨ ᠬᠦᠮᠦᠨ ᠤ ᠡᠷᠬᠢᠮ ᠠᠷᠠᠨᠰᠢᠨ ᠢ ᠲᠤᠳᠤ ᠬᠠᠷᠠᠭᠤᠯᠤᠨ᠎ᠠ᠃         ᠨᠤᠲᠤᠭ ᠤᠰᠤ ᠪᠠᠶᠢᠭᠠᠯᠢ ᠳᠡᠯᠡᠬᠡᠢ ᠪᠠᠨ ᠬᠠᠶᠢᠷᠠᠯᠠᠬᠤ ᠤᠷᠠᠨ ᠮᠡᠳᠡᠷᠡᠮᠵᠢ ᠪᠠᠷ ᠭᠤᠴᠤ ᠰᠠᠶᠢᠬᠠᠨ ᠤᠷᠠᠨ ᠪᠦᠲᠦᠭᠡᠯ ᠲᠤᠭᠤᠷᠪᠢᠵᠦ ᠶᠠᠪᠤᠭᠰᠠᠨ ᠳᠡᠳᠮ᠎ᠠ ᠪᠠᠭᠰᠢ ᠤᠷᠠᠯᠢᠭ ᠤᠨ ᠳᠠᠶᠢᠰᠠᠨ ᠳᠤ ᠮᠤᠳᠤ ᠵᠠᠶᠢᠯᠠᠭᠰᠠᠨ ᠠᠴᠢᠲᠠᠨ ᠭᠡᠬᠦ ᠳᠤ ᠤᠷᠠᠯᠢᠭᠴᠢᠨ ᠭᠡᠷ ᠪᠦᠯᠢ ᠶᠢᠨ ᠢᠶᠠᠨ ᠡᠵᠡᠨ ᠲᠤᠯᠭᠠᠭᠤᠷᠢ ᠪᠤᠯᠤᠭᠰᠠᠨ ᠨᠦᠬᠦᠷ ᠷᠠᠰᠢᠨᠢᠮ᠎ᠠ ᠨᠢ ᠨᠤᠲᠤᠭ ᠤᠨ ᠢᠶᠠᠨ ᠬᠦᠷᠦᠰᠦᠨ ᠳᠤ ᠮᠤᠳᠤ ᠵᠠᠶᠢᠯᠠᠭᠰᠠᠨ ᠭᠠᠵᠠᠷ ᠤᠰᠤᠨ ᠳᠠᠭᠠᠨ ᠵᠦᠢᠷ ᠦᠭᠡᠢ ᠶᠡᠭᠡ ᠬᠠᠶᠢᠷᠠᠲᠠᠢ ᠤᠷᠠᠨ ᠪᠦᠲᠦᠭᠡᠯᠴᠢ ᠬᠦᠮᠦᠨ ᠤ ᠨᠢᠭᠡ ᠶᠤᠮ᠃ ᠵᠠᠯᠠᠭᠤ ᠽᠠᠨᠳᠠᠨ ᠨᠠᠰᠤ ᠪᠠᠨ ᠠᠵᠢᠯ ᠦᠢᠯᠡᠰ ᠲᠡᠭᠡᠨ ᠵᠤᠷᠢᠭᠤᠯᠵᠦ᠂ ᠦᠲᠡᠯᠬᠦ ᠶᠢᠨ ᠦᠵᠦᠭᠦᠷ ᠦᠰᠴᠦ ᠲᠤᠷᠨᠢᠭᠰᠠᠨ ᠨᠤᠲᠤᠭ ᠲᠠᠭᠠᠨ ᠪᠤᠳᠠᠲᠠᠢ ᠠᠵᠢᠯ ᠬᠢᠬᠦ ᠭᠡᠵᠦ ᠵᠢᠳᠬᠦᠭᠰᠡᠨ ᠤ ᠠᠴᠢ ᠪᠠᠷ ᠡᠵᠡᠭᠦᠢ ᠠᠳᠠᠷ ᠭᠠᠵᠠᠷ ᠢᠶᠠᠨ ᠤᠢᠢᠵᠢᠭᠤᠯᠵᠦ ᠬᠦᠷᠦᠰᠦᠵᠢᠭᠦᠯᠦᠨ ᠬᠤᠶᠢᠴᠢ ᠦᠶ᠎ᠡ ᠶᠢᠨ ᠬᠢᠨ ᠳᠡᠭᠡᠨ ᠡᠷᠡᠭᠦᠯ ᠰᠠᠶᠢᠬᠠᠨ ᠠᠭᠤᠷ ᠠᠮᠢᠰᠬᠤᠯ ᠲᠠᠢ᠂ ᠴᠡᠪᠡᠷ ᠲᠤᠩᠭᠠᠯᠠᠭ ᠠᠭᠠᠷ ᠤᠷᠴᠢᠨ ᠢ ᠦᠯᠡᠳᠡᠭᠡᠵᠦ ᠦᠭᠬᠦ ᠨᠢ ᠡᠭᠦᠷᠢᠳᠡ ᠪᠠᠯᠠᠷᠠᠰᠢ ᠦᠭᠡᠢ ︽ᠨᠤᠭᠤᠭᠠᠨ ᠬᠦᠰᠢᠶ᠎ᠡ︾ ᠪᠤᠯᠬᠤ ᠶᠤᠮ᠃ ᠡᠬᠡ ᠳᠡᠯᠡᠬᠡᠢ ᠭᠡᠳᠡᠭ ᠠᠪᠤᠷᠭᠤ ᠬᠦᠴᠦᠲᠡᠢ ᠠᠮᠢ ᠠᠬᠤᠢ ᠶᠢᠨ ᠲᠤᠭᠲᠠᠯᠴᠠᠭ᠎ᠠ ᠪᠤᠯᠬᠤᠷ ᠪᠠᠶᠢᠭᠠᠯᠢ ᠶᠢᠨ ᠵᠢᠮ᠎ᠡ ᠪᠠᠷ ᠲᠤᠭᠲᠠᠨᠢᠨ ᠤᠷᠤᠰᠢᠵᠦ ᠪᠠᠶᠢᠭ᠎ᠠ ᠠᠮᠢᠲᠠᠢ ᠠᠮᠢ ᠦᠭᠡᠢ ᠪᠤᠳᠠᠰ ᠪᠦᠬᠦᠨ ᠬᠠᠷᠢᠯᠴᠠᠨ ᠲᠦᠰᠢᠯᠴᠡᠵᠦ᠂ ᠤᠶᠠᠯᠳᠤᠨ ᠨᠦᠬᠦᠴᠡᠯᠳᠦᠵᠦ ᠪᠠᠶᠢᠳᠠᠭ ᠤᠨ ᠤᠴᠢᠷ ᠠᠴᠠ ᠡᠷᠲᠡ ᠳᠡᠭᠡᠳᠦ ᠠᠴᠠ ᠮᠤᠩᠭᠤᠯᠴᠤᠳ ᠪᠠᠶᠢᠭᠠᠯᠢ ᠪᠠᠨ ᠰᠢᠲᠦᠵᠦ ᠪᠠᠶᠢᠭᠠᠯᠢ ᠪᠠᠨ ᠬᠦᠨᠳᠦᠯᠡᠵᠦ ᠢᠷᠡᠭᠰᠡᠨ ᠵᠠᠩ ᠳᠠᠳᠬᠠᠯ ᠬᠦᠮᠦᠨ ᠲᠦᠷᠦᠯᠬᠢᠲᠡᠨ ᠤ ᠤᠬᠠᠭᠠᠨ ᠤ ᠳᠤᠷᠦ᠋ᠢᠳᠠᠯ ᠠᠴᠠ ᠬᠤᠪᠢᠷᠠᠯᠲᠠ ᠭᠠᠷᠴᠦ ᠬᠡᠰᠡᠭ ᠦᠶ᠎ᠡ ᠨᠤᠲᠤᠭ ᠢᠶᠠᠨ ᠬᠠᠶᠢᠷᠠᠯᠠᠬᠤ ᠰᠡᠳᠬᠢᠯ ᠤᠰᠠᠳᠮᠠᠷ ᠪᠤᠯᠵᠠᠢ᠂ ᠬᠠᠷᠢᠨ ᠷᠠᠰᠢᠨᠢᠮ᠎ᠠ ᠭᠤᠸᠠᠢ ᠰᠢᠭ᠋ ᠤᠯᠠᠨ ᠤᠯᠠᠨ ᠠᠬᠠᠮᠠᠳ ᠦᠶ᠎ᠡ ᠶᠢᠨ ᠬᠦᠮᠦᠰ ᠤᠨ ᠴᠢᠷᠮᠠᠶᠢᠯᠭ᠎ᠠ ᠵᠢᠳᠬᠦᠯ ᠢᠶᠠᠷ ᠬᠤᠶᠢᠴᠢ ᠦᠶ᠎ᠡ ᠶᠢᠨ ᠵᠠᠯᠠᠭᠤᠴᠤᠳ ᠲᠠᠭᠠᠨ ᠰᠡᠭᠡᠭᠡᠷᠡᠵᠦ᠂ ᠭᠡᠭᠡᠷᠡᠬᠦ ᠶᠢᠨ ᠡᠭᠦᠳᠡ ᠶᠢ ᠨᠡᠬᠡᠭᠡᠵᠦ ᠦᠭᠬᠦᠭᠰᠡᠨ ᠤ ᠠᠴᠢ ᠪᠠᠷ ᠦᠨᠦᠳᠦᠷ ᠤᠨ ᠨᠤᠲᠤᠭ ᠪᠠᠶᠢᠭᠠᠯᠢ ᠮᠠᠨᠢ ᠡᠷᠭᠢᠵᠦ ᠰᠡᠷᠭᠦᠬᠦ ᠵᠦᠭ ᠲᠡᠭᠡᠨ ᠬᠠᠨᠳᠤᠵᠠᠢ᠃          ᠦᠷ᠎ᠡ ᠬᠤᠶᠢᠴᠢᠰ ᠤᠨ ᠢᠶᠠᠨ ᠤᠨᠠᠭᠠᠨ ᠤᠬᠠᠭᠠᠨ ᠳᠤ ᠤᠤᠭᠠᠨ ᠪᠠᠶᠢᠭᠠᠯᠢ ᠪᠠᠨ ᠬᠠᠶᠢᠷᠠᠯᠠᠵᠦ ᠶᠠᠪᠤᠬᠤ ᠶᠢᠨ ᠭᠡᠭᠡᠨ ᠰᠤᠷᠭᠠᠯ ᠢ ᠬᠦᠷᠲᠡᠭᠡᠨ᠂ ᠤᠳᠤᠮ ᠤᠭᠰᠠᠭ᠎ᠠ ᠳᠠᠭᠠᠨ ᠡᠬᠡ ᠳᠡᠯᠡᠬᠡᠢ ᠪᠠᠨ ᠬᠢᠮᠠᠭᠠᠳᠠᠵᠦ ᠶᠠᠪᠤᠬᠤ ᠶᠢ ᠤᠬᠠᠭᠤᠯᠤᠨ ᠮᠡᠳᠡᠷᠡᠭᠦᠯᠬᠦ ᠶᠢᠨ ᠲᠦᠯᠦᠭᠡ ᠦᠲᠡᠯᠦᠭᠡ ᠨᠠᠰᠤ ᠪᠠᠨ ᠵᠦᠳᠡᠭᠡᠵᠦ᠂ ᠠᠮᠢᠳᠤᠷᠠᠯ ᠦᠢᠯᠡᠰ ᠬᠤᠶᠠᠷ ᠢ ᠪᠠᠨ ᠠᠳᠠᠯᠢᠬᠠᠨ ᠠᠮᠵᠢᠭᠤᠯᠵᠦ ᠶᠠᠪᠤᠭ᠎ᠠ ᠤᠷᠠᠨ ᠪᠦᠲᠦᠭᠡᠯᠴᠢ ᠬᠤᠶᠠᠷ ᠵᠢᠳᠬᠦᠯᠲᠡᠨ ᠤ ᠮᠠᠨᠢ ᠠᠭᠤᠤ ᠤᠬᠠᠭᠠᠨ ᠠᠯᠤᠰ ᠤᠨ ᠪᠤᠳᠤᠯᠭ᠎ᠠ ᠮᠤᠩᠭᠤᠯ ᠨᠤᠲᠤᠭ ᠤᠨ ᠠᠮᠢ ᠠᠬᠤᠢ ᠶᠢ ᠠᠩᠬᠠᠷᠤᠨ ᠬᠠᠯᠠᠮᠵᠢᠯᠠᠭᠰᠠᠨ ᠵᠤᠷᠢᠭ ᠰᠠᠨᠠᠭ᠎ᠠ ᠤᠷᠤᠨ ᠨᠤᠲᠤᠭ ᠤᠨ ᠨᠤᠭᠤᠭᠠᠷᠠᠭᠤᠯᠤᠯᠲᠠ᠂ ᠤᠢᠢᠵᠢᠭᠤᠯᠤᠯᠲᠠ᠂ ᠬᠦᠭᠵᠢᠭᠦᠯᠦᠯᠲᠡ ᠳᠤ ᠬᠤᠪᠢ ᠨᠡᠮᠡᠷᠢ ᠡᠷᠭᠦᠨ᠎ᠡ ᠭᠡᠳᠡᠭ ᠲᠤ ᠢᠲᠡᠭᠡᠵᠦ ᠪᠠᠶᠢᠨ᠎ᠠ᠃          ᠡᠶᠢᠨᠬᠦ ᠤᠷᠠᠯᠢᠭᠴᠢᠳ ᠤᠨ ᠢᠶᠠᠨ ᠠᠪᠢᠶᠠᠰ ᠢ ᠭᠠᠶᠢᠬᠠᠭᠤᠯᠤᠨ᠂ ᠬᠦᠮᠦᠨ ᠠᠷᠠᠳ ᠤᠨ ᠢᠶᠠᠨ ᠮᠠᠩᠨᠠᠢ ᠶᠢ ᠲᠡᠨᠡᠶᠢᠯᠭᠡᠭᠰᠡᠨ᠂ ᠤᠷᠠᠨ ᠰᠠᠶᠢᠬᠠᠨ ᠤ ᠲᠤᠭᠯᠠᠯᠲᠠ ᠴᠠᠬᠠᠷ ᠪᠠᠷᠠᠭᠤᠨ ᠭᠠᠷᠤᠨ ᠬᠤᠶᠢᠲᠦ ᠬᠤᠰᠢᠭᠤᠨ ᠤ ᠵᠠᠰᠠᠭ ᠤᠨ ᠤᠷᠳᠤᠨ᠂ ᠤᠬᠠᠭᠤᠯᠬᠤ ᠬᠡᠯᠳᠡᠰ ᠵᠢᠴᠢ ᠴᠠᠭᠠᠨ ᠤᠪᠤᠭ᠎ᠠ ᠵᠤᠭᠠᠴᠠᠯ ᠤᠨ ᠺᠤᠮᠫᠠᠨᠢ ᠶᠢᠨ ᠳᠡᠮᠵᠢᠯᠭᠡ ᠪᠠᠷ ᠤᠷᠤᠬᠰᠢᠳᠠᠢ ᠰᠠᠶᠢᠬᠠᠨ ᠶᠠᠪᠤᠬᠳᠠᠵᠤ᠂ ᠴᠠᠭᠠᠨ ᠤᠪᠤᠭ᠎ᠠ ᠶᠢᠨ ᠡᠯᠢᠭᠡᠨ ᠳᠤ ᠠᠯᠳᠠᠷᠲᠤ ᠳᠠᠭᠤᠴᠢᠨ ᠤ ᠪᠠᠨ ᠤᠶᠠᠩᠭᠠᠲᠤ ᠬᠤᠭᠤᠯᠠᠢ ᠪᠠᠷ ︽ᠦᠵᠡᠰᠭᠦᠯᠡᠩᠲᠦ ᠰᠠᠶᠢᠬᠠᠨ ᠮᠢᠨᠦ ᠨᠤᠲᠤᠭ︾ ᠶᠢ ᠳᠠᠭᠤᠷᠢᠰᠬᠠᠭᠤᠯᠤᠨ ᠦᠨᠳᠦᠷᠯᠡᠯ᠎ᠡ᠃                                ᠢᠷᠡᠯᠲᠡ᠄ ᠤᠯᠠᠭᠠᠨᠴᠠᠪ ᠤᠨ ᠰᠤᠨᠢᠨ                                ᠨᠠᠶᠢᠷᠠᠭᠤᠯᠤᠭᠴᠢ᠄  ᠲᠤᠶᠠᠭ᠎ᠠ
 
ᠢᠷᠡᠯᠲᠡ᠄ ᠤᠯᠠᠭᠠᠨᠴᠠᠪ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2