ᠮᠤᠩᠭᠤᠯ ᠬᠠᠭᠠᠳ ᠤᠨ ᠦᠶ᠎ᠡ ᠵᠠᠯᠭᠠᠮᠵᠢ
ᠨᠡᠶᠢᠲᠡᠯᠡᠭᠰᠡᠨ ᠴᠠᠭ᠄
2020/7/17
         ᠴᠢᠩᠭᠢᠰ ᠬᠠᠭᠠᠨ ︵1162-1227︶ ᠶᠡᠭᠡ ᠮᠤᠩᠭᠤᠯ ᠤᠯᠤᠰ ᠢ ᠪᠠᠶᠢᠭᠤᠯᠤᠭᠰᠠᠨ ᠬᠠᠭᠠᠨ᠃ ᠪᠠᠰᠠ‌‍ᠶᠤᠸᠠᠨ ᠲᠠᠶᠢᠽᠦ ᠭᠡᠳᠡᠭ᠃ ᠬᠢᠶᠠᠨ ᠪᠤᠷᠵᠢᠭᠢᠨ ᠤᠪᠤᠭᠲᠠᠨ᠂ ᠨᠠᠷ᠎ᠠ ᠨᠢ ᠲᠡᠮᠦᠵᠢᠨ᠃          ᠦᠭᠡᠳᠡᠢ ᠬᠠᠭᠠᠨ ︵1186 — 1241︶ ᠴᠢᠩᠭᠢᠰ ᠬᠠᠭᠠᠨ ᠤ ᠭᠤᠷᠪᠠᠳᠤᠭᠠᠷ ᠬᠦᠪᠡᠭᠦᠨ᠂ 1227 ᠤᠨ ᠳᠤ ᠴᠢᠩᠭᠢᠰ ᠬᠠᠭᠠᠨ ᠨᠠᠰᠤ ᠪᠠᠷᠠᠭᠰᠠᠨ ᠳᠤ 1229 ᠤᠨ ᠪᠤᠯᠲᠠᠯ᠎ᠠ ᠴᠢᠩᠭᠢᠰ ᠬᠠᠭᠠᠨ ᠤ ᠤᠳᠬᠤᠨ ᠬᠦᠪᠡᠭᠦᠨ ᠲᠤᠯᠤᠢ ᠲᠦᠷᠦ ᠪᠠᠷᠢᠵᠦ ᠪᠠᠶᠢᠪᠠ᠃ 1229 ᠤᠨ ᠳᠤ ᠮᠤᠩᠭᠤᠯ ᠤᠨ ᠶᠡᠭᠡ ᠨᠤᠶᠠᠳ ᠬᠤᠷᠠᠯᠳᠤᠭᠠᠨ ᠪᠤᠯᠵᠤ᠂ ᠴᠢᠩᠭᠢᠰ ᠬᠠᠭᠠᠨ ᠤ ᠭᠡᠷᠢᠶᠡᠰ ᠶᠤᠰᠤᠭᠠᠷ ᠬᠠᠭᠠᠨ ᠰᠠᠭᠤᠷᠢᠨ ᠳᠤ ᠰᠠᠭᠤᠪᠠ᠃ 1241 ᠤᠨ ᠳᠤ ᠨᠠᠰᠤ ᠪᠠᠷᠠᠪᠠ᠃          ᠭᠦᠶᠦᠭ ᠬᠠᠭᠠᠨ  ︵1206 — 1248︶ ᠦᠭᠡᠳᠡᠢ ᠬᠠᠭᠠᠨ ᠤ ᠠᠬᠠᠮᠠᠳ ᠬᠦᠪᠡᠭᠦᠨ᠃ ᠡᠬᠡ ᠨᠢ ᠲᠦᠷᠭᠡᠨ᠎ᠡ ᠬᠠᠲᠤᠨ᠃ ᠦᠭᠡᠳᠡᠢ ᠬᠠᠭᠠᠨ ᠨᠠᠰᠤ ᠪᠠᠷᠠᠭᠰᠠᠨ ᠤ ᠳᠠᠷᠠᠭ᠎ᠠ ᠲᠦᠷᠭᠡᠨ᠎ᠡ ᠬᠠᠲᠤᠨ ᠲᠦᠷᠦ ᠪᠠᠷᠢᠵᠦ ᠪᠠᠶᠢᠪᠠ᠃ 1246 ᠤᠨ ᠤ ᠬᠤᠷᠠᠯᠳᠤᠭᠠᠨ ᠳᠡᠭᠡᠷ᠎ᠡ ᠬᠠᠭᠠᠨ ᠤᠷᠤ ᠰᠠᠭᠤᠵᠦ᠂ 1248 ᠤᠨ ᠳᠤ ᠨᠠᠰᠤ ᠪᠠᠷᠠᠪᠠ᠃          ᠮᠦᠩᠬᠡ ᠬᠠᠭᠠᠨ ︵1209 — 1259︶ ᠴᠢᠩᠭᠢᠰ ᠬᠠᠭᠠᠨ ᠤ ᠤᠳᠬᠤᠨ ᠬᠦᠦ ᠲᠤᠯᠤᠢ ᠶᠢᠨ ᠤᠤᠭᠠᠨ ᠬᠦᠦ᠃ ᠡᠬᠡ ᠨᠢ ᠰᠤᠷᠬᠠᠭᠲᠠᠨᠢ᠃ ᠭᠦᠶᠦᠭ ᠬᠠᠭᠠᠨ ᠤ ᠳᠠᠷᠠᠭ᠎ᠠ ᠭᠦᠶᠦᠭ ᠬᠠᠭᠠᠨ ᠤ ᠬᠠᠲᠤᠨ ᠲᠦᠷᠦ ᠪᠠᠷᠢᠵᠦ ᠪᠠᠶᠢᠪᠠ᠃ 1251 ᠤᠨ ᠳᠤ ᠵᠦᠴᠢ ᠶᠢᠨ ᠬᠦᠪᠡᠭᠦᠨ ᠪᠠᠲᠤ ᠳᠡᠭᠦᠦ ᠪᠡᠷᠭᠡ ᠳᠤ ᠪᠠᠨ ᠶᠡᠭᠡ ᠴᠡᠷᠢᠭ ᠦᠭᠴᠦ ᠮᠤᠩᠭᠤᠯ ᠨᠤᠶᠠᠳ ᠤᠨ ᠬᠤᠷᠠᠯᠳᠤᠭᠠᠨ ᠳᠤ ᠤᠷᠤᠯᠴᠠᠨ ᠦᠭᠡᠳᠠᠢ ᠶᠢᠨ ᠤᠳᠤᠮ ᠤᠨ ᠨᠤᠶᠠᠳ ᠤᠨ ᠰᠢᠷᠤᠭᠦᠨ ᠡᠰᠡᠷᠭᠦᠴᠡᠯ ᠢ ᠤᠶᠢᠰᠢᠶᠠᠯ ᠦᠭᠡᠢ᠂ ᠮᠦᠩᠬᠡ ᠶᠢ ᠳᠠᠮᠵᠢᠵᠦ ᠬᠠᠭᠠᠨ ᠰᠠᠭᠤᠯᠭᠠᠪᠠ᠃ 1259 ᠤᠨ ᠳᠤ ᠰᠦᠩ ᠤᠯᠤᠰ ᠢ ᠳᠠᠶᠢᠯᠠᠵᠦ ᠪᠠᠶᠢᠭᠠᠳ ᠨᠠᠰᠤ ᠪᠠᠷᠠᠪᠠ᠃          ᠬᠤᠪᠢᠯᠠᠢ ᠰᠡᠴᠡᠨ ᠬᠠᠭᠠᠨ ︵1215 — 1294︶ ᠶᠤᠸᠠᠨ ᠤᠯᠤᠰ ᠤᠨ ᠲᠦᠷᠦ ᠶᠢ ᠴᠤᠭᠴᠠᠯᠠᠭᠰᠠᠨ ᠬᠠᠭᠠᠨ᠃ ᠶᠤᠸᠠᠨ ᠱᠢᠽᠦ ᠬᠠᠭᠠᠨ᠃ ᠴᠢᠩᠭᠢᠰ ᠬᠠᠭᠠᠨ ᠤ ᠤᠮᠪᠤᠯᠤ᠂ ᠲᠤᠯᠤᠢ ᠶᠢᠨ ᠬᠦᠦ᠂ ᠮᠦᠩᠬᠡ ᠬᠠᠭᠠᠨ ᠤ ᠳᠡᠭᠦᠦ᠃ 1260 ᠤᠨ ᠤ 3 ᠰᠠᠷ᠎ᠠ ᠳᠤ᠂ ᠬᠡᠰᠡᠭ ᠤᠷᠤᠭ ᠤᠨ ᠨᠤᠶᠠᠳ ᠤᠨ ᠳᠡᠮᠵᠢᠯᠭᠡ ᠪᠠᠷ ᠺᠠᠢ ᠫᠢᠩ ᠳᠤ ᠶᠡᠭᠡ ᠬᠠᠭᠠᠨ ᠰᠠᠭᠤᠵᠦ᠂ ᠤᠨ ᠤ ᠴᠤᠯᠠ ᠪᠠᠨ ᠵᠦᠩ ᠲᠦᠩ ᠭᠡᠵᠠᠢ᠃ ᠬᠢᠲᠠᠳ ᠪᠢᠴᠢᠭᠲᠡᠨ ᠤ ᠵᠦᠪᠯᠡᠯᠭᠡ ᠶᠢ ᠠᠪᠴᠤ᠂ ᠮᠤᠩᠭᠤᠯ ᠤᠨ ᠬᠠᠭᠤᠴᠢᠨ ᠶᠤᠰᠤ ᠶᠢ ᠬᠠᠯᠠᠵᠤ᠂ ᠬᠢᠲᠠᠳ ᠬᠠᠥᠯᠢ ᠬᠡᠷᠡᠭᠯᠡᠨ᠂ ᠲᠤᠳᠤᠷ᠎ᠠ ᠭᠠᠵᠠᠷ ᠤᠨ ᠬᠠᠭᠠᠨᠲᠦ‌‍ᠲ᠋ᠦ᠋ᠷᠦ ᠶᠢ ᠳᠠᠭᠤᠷᠢᠶᠠᠵᠤ᠂ ᠲᠦᠪ ᠲᠤ ᠲᠦᠪᠯᠡᠷᠡᠭᠦᠯᠦᠭᠰᠡᠨ ᠲᠦᠷᠦ ᠶᠢ ᠪᠠᠶᠢᠭᠤᠯᠵᠠᠢ᠃ ᠮᠦᠨ ᠤᠨ ᠳᠤ ᠮᠦᠩᠬᠡ ᠬᠠᠭᠠᠨ ᠤ ᠵᠠᠷᠯᠢᠭ ᠪᠠᠷ ᠮᠤᠩᠭᠤᠯ ᠨᠤᠲᠤᠭ ᠢᠶᠠᠨ ᠰᠠᠬᠢᠨ ᠰᠠᠭᠤᠵᠤ ᠪᠠᠶᠢᠭᠰᠠᠨ ᠳᠡᠭᠦᠦ ᠠᠷᠢᠭᠪᠦ᠋ᠬᠡ ᠨᠢ ᠮᠦᠨ ᠮᠤᠩᠭᠤᠯ ᠨᠤᠶᠠᠳ ᠤᠨ ᠳᠠᠮᠵᠢᠯᠭᠡ ᠪᠠᠷ ᠬᠠᠭᠠᠨ ᠰᠠᠭᠤᠵᠤ᠂ ᠳᠦᠷᠪᠡᠨ ᠵᠢᠯ ᠤᠨ ᠬᠠᠭᠠᠨ ᠰᠠᠭᠤᠷᠢᠨ ᠤ ᠲᠦᠯᠦᠭᠡᠬᠢ ᠳᠠᠶᠢᠨ ᠪᠤᠯᠵᠤ᠂ ᠬᠤᠪᠢᠯᠠᠢ ᠢᠯᠡᠪᠡ᠃ 1294 ᠤᠨ ᠤ ᠴᠠᠭᠠᠨ ᠰᠠᠷ᠎ᠠ ᠡᠪᠡᠳᠴᠢᠨ ᠢᠶᠠᠷ ᠨᠠᠰᠤ ᠪᠠᠷᠠᠪᠠ᠃ ᠮᠤᠩᠭᠤᠯ ᠢᠶᠠᠷ ︽ᠰᠡᠴᠡᠨ ᠬᠠᠭᠠᠨ︾ ᠬᠡᠮᠡᠬᠦ ᠴᠤᠯᠠ ᠲᠠᠢ᠃          ᠦᠯᠵᠡᠶᠢᠲᠦ ᠬᠠᠭᠠᠨ ᠲᠡᠮᠦᠷ ︵1265 — 1307︶ ᠶᠤᠸᠠᠨ ᠤᠯᠤᠰ ᠤᠨ ᠬᠤᠶᠠᠳᠤᠭᠠᠷ ᠦᠶ᠎ᠡ ᠶᠢᠨ ᠬᠠᠭᠠᠨ᠂ ᠨᠡᠷ᠎ᠡ ᠨᠢ ᠲᠡᠮᠦᠷ᠃ ᠬᠤᠪᠢᠯᠠᠢ ᠬᠠᠭᠠᠨ ᠤ ᠬᠦᠪᠡᠭᠦᠨ ᠬᠤᠩ ᠲᠠᠶᠢᠵᠢ ᠴᠢᠩᠭᠢᠮ ᠤᠨ ᠭᠤᠷᠪᠠᠳᠤᠭᠠᠷ ᠬᠦᠦ᠃ 1294 ᠤᠨ ᠳᠤ ᠬᠠᠭᠠᠨ ᠰᠠᠭᠤᠷᠢᠨ ᠳᠤ ᠰᠠᠭᠤᠵᠤ᠂ 1307 ᠤᠨ ᠳᠤ ᠨᠠᠰᠤ ᠪᠠᠷᠠᠪᠠ᠃           ᠬᠠᠶᠢᠰᠠᠩ ᠬᠦᠯᠦᠭ ᠬᠠᠭᠠᠨ ︵1281 — 1311︶ ᠴᠢᠩᠭᠢᠮ ᠬᠤᠩ ᠲᠠᠶᠢᠵᠢ ᠶᠢᠨ ᠬᠤᠶᠠᠳᠤᠭᠠᠷ ᠬᠦᠪᠡᠭᠦᠨ ᠳᠠᠷᠮᠠᠪᠠᠯᠠ ᠶᠢᠨ ᠤᠤᠭᠠᠨ ᠬᠦᠦ᠃ 1307 ᠤᠨ ᠤ ᠬᠠᠪᠤᠷ ᠦᠯᠵᠡᠶᠢᠲᠦ ᠲᠡᠮᠦᠷ ᠬᠠᠭᠠᠨ ᠨᠠᠰᠤ ᠪᠠᠷᠠᠵᠤ᠂ ᠪᠤᠷᠤᠬᠠᠨ ᠬᠤᠸᠠᠩᠬᠡᠦ᠂ ᠵᠡᠭᠦᠨ ᠴᠧᠩᠰᠢᠶᠠᠩ ᠠᠭᠤᠳᠠᠢ ᠨᠠᠷ ᠠᠨ ᠰᠢ ᠸᠠᠩ ᠮᠠᠩᠭᠠᠯᠠ ᠶᠢᠨ ᠬᠦᠦ ᠠᠨᠠᠨᠳᠠ ᠶᠢ ᠬᠠᠭᠠᠨ ᠰᠠᠭᠤᠯᠭᠠᠬᠤ ᠭᠡᠵᠦ ᠪᠠᠶᠢᠭᠰᠠᠨ ᠪᠠ ᠪᠠᠷᠠᠭᠤᠨ ᠴᠧᠩᠰᠢᠶᠠᠩ ᠠᠷᠭᠠᠰᠤᠨ ᠨᠢ ᠲᠡᠭᠦᠨ ᠢ ᠬᠠᠭᠠᠨ ᠰᠠᠭᠤᠯᠭᠠᠬᠤ ᠭᠡᠵᠦ ᠪᠠᠶᠢᠪᠠ᠃ ᠳᠡᠭᠦᠦ ᠨᠢ ᠠᠶᠤᠷᠪᠠᠯᠪᠠᠳ ᠠᠭᠤᠳᠠᠢ ᠨᠠᠷ ᠢ ᠪᠠᠷᠢᠵᠦ ᠠᠯᠠᠭᠠᠳ᠂ ᠲᠡᠭᠦᠨ ᠢ ᠳᠡᠭᠡᠲᠦ ᠨᠡᠶᠢᠰᠯᠠᠯ ᠳᠤ ᠬᠠᠭᠠᠨ ᠰᠠᠭᠤᠯᠭᠠᠵᠠᠢ᠃ ᠳᠡᠭᠦᠦ ᠠᠶᠤᠷᠪᠠᠯᠪᠠᠳ ᠢᠶᠠᠨ ᠲᠠᠶᠢᠽᠢ ᠪᠤᠯᠭᠠᠵᠦ᠂ ᠠᠬ᠎ᠠ ᠳᠡᠭᠦᠦ ᠠᠪᠠᠭ᠎ᠠ ᠠᠴᠢ ᠪᠠᠷ ᠢᠶᠠᠨ ᠦᠶ᠎ᠡ ᠤᠯᠠᠮᠵᠢᠯᠠᠬᠤ ᠪᠠᠷ ᠪᠤᠯᠵᠤᠪᠠ᠃ 1311 ᠤᠨ ᠳᠤ ᠨᠠᠰᠤ ᠪᠠᠷᠠᠪᠠ᠃          ᠠᠶᠤᠷᠪᠠᠯᠪᠠᠳ ᠪᠤᠶᠠᠨᠲᠦ ᠬᠠᠭᠠᠨ ︵1285-1320︶ ᠲᠠᠷᠮᠠᠪᠠᠯᠠ ᠶᠢᠨ ᠬᠤᠶᠠᠳᠤᠭᠠᠷ ᠬᠦᠥ᠂ ᠬᠠᠶᠢᠰᠠᠩ ᠬᠦᠯᠦᠭ ᠬᠠᠭᠠᠨ ᠤ ᠳᠡᠭᠦᠦ᠃ ᠦᠯᠵᠡᠶᠢᠲᠦ ᠲᠡᠮᠦᠷ ᠬᠠᠭᠠᠨ ᠨᠠᠰᠤ ᠪᠠᠷᠠᠭᠰᠠᠨ᠎ᠠ᠂ ᠪᠠᠷᠠᠭᠤᠨ ᠴᠧᠩᠰᠢᠶᠠᠩ ᠠᠷᠭᠠᠰᠤᠨ ᠲᠠᠢ ᠬᠤᠤᠪᠢᠯᠳᠤᠨ ᠠᠨ ᠰᠢ ᠸᠠᠩ ᠠᠨᠠᠠᠳᠠ ᠶᠢᠨ ᠬᠠᠭᠠᠨ ᠰᠠᠭᠤᠷᠢᠨ ᠳᠤ ᠰᠠᠨᠠᠭᠠᠷᠬᠠᠭᠰᠠᠨ ᠶᠠᠪᠤᠭᠤᠯᠤᠯᠭ᠎ᠠ ᠶᠢ ᠪᠣᠲᠠ ᠴᠣᠬᠢᠵᠤ᠂ ᠠᠬ᠎ᠠ ᠬᠠᠶᠢᠰᠠᠩ ᠢᠶᠠᠨ ᠬᠠᠭᠠᠨ ᠰᠠᠭᠤᠷᠢᠨ ᠳᠤ ᠭᠠᠷᠭᠠᠭᠠᠳ᠂ ᠠᠬ᠎ᠠ ᠳᠡᠭᠦᠦ ᠠᠪᠠᠭ᠎ᠠ ᠠᠴᠢ ᠪᠠᠷ ᠢᠶᠠᠨ ᠦᠶ᠎ᠡ ᠤᠯᠠᠮᠵᠢᠯᠠᠬᠤ ᠪᠣᠯᠵᠤᠭ᠎ᠠ ᠲᠠᠯᠪᠢᠵᠠᠢ᠃ ᠲᠡᠶᠢᠨ ᠬᠦ ᠬᠠᠭᠠᠨ ᠤ ᠲᠠᠶᠢᠽᠢ ᠡᠷᠭᠦᠮᠵᠢᠯᠡᠭᠳᠡᠪᠡ᠃ 1311 ᠣᠨ ᠤ ᠬᠠᠶᠢᠰᠠᠩ ᠬᠠᠭᠠᠨ ᠨᠠᠰᠤ ᠪᠠᠷᠠᠵᠤ᠂ ᠦᠪᠡᠷ ᠢᠶᠠᠨ ᠵᠠᠯᠭᠠᠮᠵᠢᠯᠠᠪᠠ᠃ ᠳᠠᠷᠠᠭ᠎ᠠ ᠎ ᠨᠢ ᠤᠷᠢᠳᠦ ᠶᠢᠨ ᠪᠣᠯᠵᠤᠭ᠎ᠠ ᠪᠠᠨ ᠦᠳᠡᠭᠡᠷᠴᠦ᠂ ᠦᠪᠡᠷ ᠤᠨ ᠭᠦᠥ ᠰᠤᠳᠪᠠᠯᠠ ᠶᠢ ᠲᠠᠶᠢᠽᠢ ᠪᠤᠯᠭᠠᠵᠦ᠂ ᠬᠠᠶᠢᠰᠠᠩ ᠬᠦᠯᠦᠭ ᠬᠠᠭᠠᠨ ᠤ ᠬᠦᠦ ᠬᠦᠰᠡᠯᠡ ᠶᠢ ᠶᠦᠨᠨᠠᠨ ᠳᠤ ᠶᠠᠪᠤᠭᠤᠯᠪᠠ᠃ 1320 ᠤᠨ ᠳᠤ ᠨᠠᠰᠤ ᠪᠠᠷᠠᠪᠠ᠃          ᠭᠡᠭᠡᠨ ᠬᠠᠭᠠᠨ ᠰᠤᠳᠪᠠᠯᠠ ︵1303 — 1323︶ ᠪᠤᠶᠠᠨᠲᠦ ᠬᠠᠭᠠᠨ ᠠᠶᠤᠷᠪᠠᠯᠪᠠᠳ ᠤᠨ ᠬᠦᠦ ᠃ 1316᠎ ᠳᠤ ᠬᠤᠸᠠᠩ ᠲᠠᠶᠢᠽᠢ ᠡᠷᠭᠦᠮᠵᠢᠯᠡᠭᠳᠡᠵᠦ᠂ 1321 ᠤᠨ ᠳᠤ ᠬᠠᠭᠠᠨ ᠰᠠᠭᠤᠪᠠ᠃ ᠬᠠᠶᠢᠰᠠᠩ ᠬᠦᠯᠦᠭ ᠬᠠᠭᠠᠨ ᠤ ᠬᠦᠦ ᠲᠦᠭᠲᠡᠮᠦᠷ ᠢ ᠠᠯᠤᠰ ᠬᠤᠯᠠ ᠶᠢᠨ ᠬᠠᠢ ᠨᠠᠨ ᠳᠤ ᠵᠠᠶᠢᠯᠠᠭᠤᠯᠵᠤ᠂ ᠬᠦᠴᠦᠨ ᠢ ᠨᠢ ᠰᠠᠯᠭᠠᠪᠠ᠂ 1323 ᠤᠨ ᠤ 8 ᠰᠠᠷ᠎ᠠ ᠳᠤ᠂ ᠳᠡᠭᠡᠲᠦ ᠨᠡᠶᠢᠰᠯᠡᠯ ᠠᠴᠠ ᠪᠠᠷᠠᠭᠤᠨᠰᠢ ᠤᠷᠤᠰᠢᠬᠤ ᠨᠠᠨ ᠫᠦᠸᠧ ᠳᠤ ᠲᠡᠮᠦᠳᠡᠷ ᠤᠨ ᠨᠠᠮ ᠪᠤᠯᠬᠤ ᠢᠥᠢ ᠱᠢ ᠳ᠋ᠠᠢ ᠹᠦ᠋ ᠲᠦᠰᠢᠮᠡᠯ ᠲᠢᠶᠧ ᠱᠢ᠂ ᠴᠡᠷᠢᠭ ᠤᠨ ᠶᠠᠮᠤᠨ ᠤ ᠮᠡᠳᠡᠭᠴᠢ ᠡᠰᠡᠨᠲᠡᠮᠦᠷ ᠨᠠᠷ ᠲᠤ ᠬᠤᠤᠷᠯᠠᠭᠳᠠᠪᠠ᠃          ᠶᠢᠰᠦᠨᠲᠡᠮᠦᠷ ᠬᠠᠭᠠᠨ ︵1293 — 1328︶ ᠬᠤᠪᠢᠯᠠᠢ ᠬᠦᠪᠡᠭᠦᠨ ᠬᠤᠩ ᠲᠠᠶᠢᠵᠢ ᠴᠢᠩᠭᠢᠮ ᠤᠨ ᠠᠬᠠᠮᠠᠳ ᠬᠦᠪᠡᠭᠦᠨ ᠭᠠᠮᠠᠯᠠ ᠶᠢᠨ ᠤᠤᠭᠠᠨ ᠬᠦᠦ᠃ 1323 ᠤᠨ ᠳᠤ ᠭᠡᠭᠡᠨ ᠬᠠᠭᠠᠨ ᠱᠤᠳᠪᠠᠯᠠ ᠬᠤᠤᠷᠯᠠᠭᠳᠠᠭᠰᠠᠨ ᠤ ᠳᠠᠷᠠᠭ᠎ᠠ᠂ ᠢᠥᠢ ᠱᠢ ᠳ᠋ᠠᠢ ᠹᠦ᠋ ᠲᠦᠰᠢᠮᠡᠯ ᠲᠢᠶᠧ ᠰᠢ ᠨᠠᠷ ᠲᠤ ᠡᠷᠭᠦᠭᠳᠡᠨ ᠬᠠᠭᠠᠨ ᠰᠠᠭᠤᠵᠠᠢ᠃ 1328 ᠤᠨ ᠳᠤ ᠳᠡᠭᠡᠲᠦ ᠨᠠᠶᠢᠰᠯᠠᠯ ᠳᠤ ᠡᠪᠡᠳᠴᠢᠨ ᠢᠶᠠᠷ ᠨᠠᠰᠤ ᠪᠠᠷᠠᠪᠠ᠃           ᠠᠰᠢᠳᠭᠢᠸ᠎ᠠ ᠬᠠᠭᠠᠨ ︵1320 — 1328︶ ᠶᠢᠰᠦᠨᠲᠡᠮᠦᠷ ᠬᠠᠭᠠᠨ ᠤ ᠠᠬᠠᠮᠡᠳ ᠬᠦᠪᠡᠭᠦᠨ᠂ ᠡᠭᠡ ᠨᠢ ᠡᠰᠢ ᠬᠠᠲᠤᠨ ᠪᠠᠪᠤᠬᠠᠨ᠃ 1328 ᠤᠨ ᠤ 7 ᠰᠠᠷ᠎ᠠ ᠳᠤ ᠶᠢᠰᠦᠨᠲᠡᠮᠦᠷ ᠬᠠᠭᠠᠨ ᠱᠠᠩᠳᠤ ᠳᠤ ᠲᠩᠷᠢ ᠪᠤᠯᠤᠭᠰᠡᠨ ᠳᠤ ᠶᠡᠭᠡ ᠨᠡᠶᠢᠰᠯᠡᠯ ᠳᠤ ᠲᠦᠷᠦ ᠶᠢᠨ ᠬᠤᠪᠢᠰᠤᠯ ᠭᠠᠷᠤᠭᠠᠳ ᠬᠤᠸᠠᠢ ᠸᠠᠩ ᠲᠦᠭᠲᠡᠮᠦᠷ ᠬᠠᠭᠠᠨ ᠡᠷᠭᠦᠮᠵᠢᠯᠡᠭᠳᠡᠪᠡ᠃ 9 ᠰᠠᠷ᠎ᠠ ᠳᠤ ᠲᠡᠷᠢᠭᠦᠨ ᠰᠠᠶᠢᠳ ᠳ᠋ᠤᠤᠯᠠᠱᠠᠾ ᠨᠠᠷ ᠳᠡᠭᠡᠲᠤ ᠨᠡᠶᠢᠰᠯᠡᠯ ᠳᠤ ᠠᠰᠢᠳᠡᠭᠢᠪ ᠶᠢ ᠬᠠᠭᠠᠨ ᠡᠷᠭᠦᠮᠵᠢᠯᠡᠵᠤ ᠤᠨ ᠤ ᠴᠤᠯᠡ ᠶᠢ ᠲᠢᠶᠠᠨ ᠱᠦᠨ ᠬᠡᠪᠡ᠃ ᠬᠤᠶᠠᠷ ᠨᠡᠶᠢᠰᠯᠡᠯ ᠤᠨ ᠬᠤᠭᠤᠷᠤᠨᠳᠤ ᠳᠠᠶᠢᠨ ᠡᠭᠦᠰᠴᠤ ᠨᠢᠭᠡ ᠰᠠᠷ᠎ᠠ ᠦᠷᠭᠦᠯᠵᠢᠯᠡᠭᠡᠳ ᠳᠡᠭᠡᠲᠤ ᠨᠡᠶᠢᠰᠯᠡᠯ ᠤᠨ ᠬᠢᠨ ᠳᠡᠶᠢᠯᠦᠭᠳᠡᠵᠤ ᠠᠰᠢᠳᠡᠭᠢᠪ ᠬᠠᠭᠠᠨ ᠴᠢ ᠸᠠᠩ ᠦᠯᠦᠭᠲᠡᠮᠦᠷ ᠲᠤ ᠪᠠᠷᠢᠭᠳᠠᠵᠤ ᠠᠯᠠᠭᠳᠠᠪᠠ᠃           ᠬᠤᠲᠤᠭᠲᠦ ᠬᠠᠭᠠᠨ ᠬᠦᠰᠡᠯᠡ ︵1300 — 1329︶ ᠬᠠᠶᠢᠰᠠᠩ ᠬᠦᠯᠦᠭ ᠬᠠᠭᠠᠨ ᠤ ᠤᠤᠭᠠᠨ ᠬᠦᠪᠡᠭᠦᠨ᠂ ᠡᠭᠡ ᠨᠢ ᠢᠬᠢᠷᠡᠰ ᠰᠤᠯᠡ ᠬᠠᠲᠤᠨ᠂ ᠦᠭᠡᠷ᠎ᠡ ᠡᠭᠡᠲᠤ ᠳᠡᠭᠦᠦ ᠨᠢ ᠲᠤᠭᠲᠠᠮᠤᠷ᠃ 1315 ᠤᠨ ᠳᠤ ᠠᠪᠠᠭ᠎ᠠ ᠪᠤᠶᠠᠨᠲᠤ ᠬᠠᠭᠠᠨ ᠨᠢ ᠲᠡᠭᠦᠨ ᠢ ᠵᠸᠤ ᠸᠠᠩ ᠡᠷᠭᠦᠮᠵᠢᠯᠡᠪᠡ᠃ 1316 ᠤᠨ ᠳᠤ ᠪᠤᠶᠠᠨᠲᠤ ᠬᠠᠭᠠᠨ ᠬᠦᠯᠦᠭ ᠬᠠᠭᠠᠨ ᠯᠤᠭ᠎ᠠ ᠶᠢᠨ ︽ᠠᠬ᠎ᠠ ᠳᠡᠭᠦᠦ ᠠᠪᠠᠭ᠎ᠠ ᠠᠴᠢ ᠦᠶ᠎ᠡ ᠤᠯᠠᠷᠢᠨ ᠡᠭᠡᠯᠵᠢᠯᠡᠵᠤ ᠬᠠᠭᠠᠨ ᠤᠷᠤ ᠵᠠᠯᠭᠠᠮᠵᠢᠯᠡᠶ᠎ᠡ︾ ᠭᠡᠰᠡᠨ ᠠᠮᠠᠯᠳᠤᠯ ᠢᠶᠠᠨ ᠦᠲᠡᠭᠡᠷᠴᠤ ᠬᠦᠰᠡᠯᠡ ᠶᠢ ᠵᠠᠯᠭᠠᠮᠵᠢᠯᠠᠭᠴᠢ ᠬᠦᠪᠡᠭᠦᠨ ᠢᠶᠠᠷ ᠡᠷᠭᠦᠮᠵᠢᠯᠡᠭᠰᠡᠨ ᠦᠭᠡᠢ ᠬᠠᠷᠢᠨ ᠬᠦᠪᠡᠭᠦᠨ ᠰᠤᠳᠪᠠᠯᠠ ᠪᠠᠨ ᠡᠷᠭᠦᠮᠵᠢᠯᠡᠪᠡ᠃ 1317 ᠤᠨ ᠳᠤ ᠶᠦᠨᠨᠠᠨ ᠤᠷᠤᠭᠤ ᠶᠠᠪᠤᠬᠤ ᠵᠠᠮ ᠵᠠᠭᠤᠷ᠎ᠠ ᠶᠠᠨ ᠠᠨ ᠳᠤ ᠬᠦᠷᠦᠭᠰᠡᠨ ᠳᠤ ᠬᠠᠷᠢᠶᠠᠲᠤ ᠨᠤᠶᠠᠳ ᠨᠢ ᠪᠤᠰᠤᠯᠴᠠᠵᠤ ᠲᠡᠭᠦᠨ ᠢ ᠬᠠᠭᠠᠨᠲᠡᠨ ᠢᠶᠠᠷ ᠬᠦᠷᠢᠶᠡᠯᠡᠵᠤ ᠤᠷᠪᠠᠯᠭᠠᠨ ᠲᠡᠭᠳᠡᠭᠡᠭᠡᠵᠡᠢ᠃ ᠤᠷᠪᠠᠯᠭᠠᠨ ᠨᠢ ᠤᠳᠠᠯ ᠦᠭᠡᠢ ᠢᠯᠠᠭᠳᠠᠭᠰᠡᠨ ᠠᠴᠠ ᠪᠤᠯᠵᠤ ᠬᠦᠰᠡᠯᠡ ᠠᠷᠭ᠎ᠠ ᠪᠤᠰᠤ ᠴᠠᠭᠠᠲᠠᠢ ᠬᠠᠨᠲᠤ ᠤᠯᠤᠰ ᠲᠤ ᠲᠤᠲᠠᠭᠠᠵᠤ ᠶᠠᠪᠤᠵᠠᠢ᠃ 1328 ᠤᠨ ᠤ 7 ᠰᠠᠷ᠎ᠠ ᠳᠤ ᠶᠢᠰᠦᠨᠲᠡᠮᠦᠷ ᠬᠠᠭᠠᠨ ᠬᠠᠯᠢᠭᠰᠡᠨ ᠳᠤ ᠴᠡᠷᠢᠭ ᠤᠨ ᠶᠠᠪᠤᠳᠠᠯ ᠤᠨ ᠬᠦᠷᠢᠶᠠᠯᠡᠩ ᠤᠨ ᠵᠠᠷᠭᠤᠴᠢ ᠨᠤᠶᠠᠨ ᠡᠯᠲᠡᠮᠦᠷ ᠨᠠᠷ ᠬᠦᠰᠡᠯᠡ ᠶᠢ ᠬᠠᠭᠠᠨ ᠡᠷᠭᠦᠮᠵᠢᠯᠡᠬᠦ ᠪᠠᠷ ᠲᠦᠯᠦᠪᠯᠡᠵᠤ ᠲᠦᠷᠦ ᠶᠢᠨ ᠬᠤᠪᠢᠰᠦᠯ ᠭᠠᠷᠭᠠᠵᠠᠢ᠂ ᠲᠡᠭᠡᠪᠠᠴᠤ ᠬᠦᠰᠡᠯᠡ ᠠᠯᠤᠰ ᠬᠤᠯᠡ ᠴᠠᠭᠠᠲᠠᠢ ᠬᠠᠨᠲᠤ ᠤᠯᠤᠰ ᠲᠤ ᠪᠠᠶᠢᠭᠰᠡᠨ ᠪᠤᠯᠬᠤᠷ ᠳᠡᠭᠦᠦ ᠬᠤᠸᠠᠢ ᠸᠠᠩ ᠲᠦᠭᠲᠡᠮᠦᠷ ᠨᠢ ᠶᠡᠭᠡ ᠨᠡᠶᠢᠰᠯᠡᠯ ᠳᠤ ᠳᠠᠭᠤᠳᠠᠨ ᠢᠷᠡᠭᠦᠯᠵᠤ 10 ᠰᠠᠷ᠎ᠠ ᠶᠢᠨ 16᠎ ᠤ ᠡᠳᠦᠷ ᠬᠠᠭᠠᠨ ᠤᠷᠤᠨ ᠳᠤ ᠰᠠᠭᠤᠯᠭᠠᠪᠠ᠃           ᠲᠦᠭᠲᠡᠮᠦᠷ ᠬᠠᠭᠠᠨ‌ᠤᠷᠤ ᠰᠠᠭᠤᠬᠤ ᠲᠤᠩᠬᠠᠭ ᠪᠢᠴᠢᠭ ᠲᠤ ᠪᠠᠨ ᠤᠯᠤᠰ ᠲᠦᠷᠦ ᠶᠢᠨ ᠲᠤᠯᠭᠠᠮ᠎ᠡ ᠪᠠᠶᠢᠳᠠᠯ ᠳᠤ ᠠᠷᠭ᠎ᠠ ᠪᠤᠰᠤ ᠤᠷᠤ ᠵᠠᠯᠭᠠᠮᠵᠢᠯᠠᠭᠰᠡᠨ ᠪᠠ ᠤᠳᠠᠯ ᠦᠭᠡᠢ ᠠᠬ᠎ᠠ ᠬᠦᠰᠡᠯᠡ ᠳᠤ ᠪᠠᠨ ᠰᠠᠭᠤᠷᠢᠨ ᠢ ᠨᠠᠶᠢᠷ ᠲᠠᠯᠪᠢᠬᠤ ᠭᠡᠰᠡᠨ ᠰᠠᠨᠠᠭ᠎ᠠ ᠪᠠᠨ ᠢᠯᠡᠳᠭᠡᠵᠡᠢ᠃ ᠠᠯᠲᠠᠢ ᠠᠭᠤᠯᠠᠨ ᠳᠤ ᠪᠠᠶᠢᠭᠰᠡᠨ ᠬᠦᠰᠡᠯᠡ ᠲᠡᠭᠦᠦ ᠵᠠᠶᠠᠭᠠᠲᠤ ᠬᠠᠭᠠᠨ ᠤ ᠬᠠᠭᠠᠨ ᠰᠠᠭᠤᠯᠭᠠᠬᠤ ᠪᠠᠷ ᠡᠮᠦᠨᠠᠰᠢ ᠵᠠᠯᠠᠭᠰᠡᠨ ᠤᠷᠢᠯᠭ᠎ᠠ ᠶᠢ ᠬᠦᠯᠢᠶᠡᠵᠤ ᠠᠪᠤᠭᠠᠳ ᠡᠮᠦᠨᠠᠰᠢᠯᠡᠵᠤ 1329 ᠤᠨ ᠤ 2 ᠰᠠᠷ᠎ᠠ ᠳᠤ ᠬᠠᠷᠠᠬᠤᠷᠤᠮ ᠳᠤ ᠬᠠᠭᠠᠨ ᠤᠷᠤ ᠰᠠᠭᠤᠵᠠᠢ᠃ 3 ᠰᠠᠷ᠎ᠠ ᠳᠤ ᠪᠠᠷᠠᠭᠤᠨ ᠭᠠᠷ ᠤᠨ ᠲᠡᠷᠢᠭᠦᠨ ᠰᠠᠶᠢᠳ ᠡᠯᠲᠡᠮᠦᠷ ᠬᠠᠭᠠᠨ ᠤ ᠬᠠᠰᠪᠤᠤ ᠲᠠᠮᠠᠭ᠎ᠠ ᠶᠢ ᠠᠪᠴᠢᠷᠠᠵᠤ ᠡᠷᠭᠦᠭᠡᠳ ᠡᠮᠦᠨᠠᠰᠢ ᠵᠠᠯᠠᠭᠰᠡᠨ ᠳᠤ ᠬᠤᠲᠤᠭᠲᠤ ᠬᠠᠭᠠᠨ ᠳᠡᠭᠦᠦ ᠲᠦᠭᠲᠡᠮᠦᠷ ᠢ ᠵᠠᠯᠭᠠᠮᠵᠢᠯᠠᠭᠴᠢ ᠪᠠᠷ ᠡᠷᠭᠦᠮᠵᠢᠯᠡᠵᠤ ᠦᠷᠭᠦᠯᠵᠢᠯᠡᠨ ᠡᠮᠦᠨᠠᠰᠢ ᠮᠤᠷᠳᠠᠪᠠ᠃ 1329 ᠤᠨ ᠤ 7 ᠰᠠᠷ᠎ᠠ ᠳᠤ ᠡᠮᠦᠨ᠎ᠠ ᠠᠴᠠ ᠤᠭᠲᠤᠨ ᠢᠷᠡᠭᠰᠡᠨ ᠳᠡᠭᠦᠦ ᠲᠦᠭᠲᠡᠮᠦᠷ ᠲᠠᠢ ᠪᠠᠨ ᠳᠤᠮᠳᠠᠲᠤ ᠨᠡᠶᠢᠰᠯᠡᠯ ᠶᠢᠨ ᠤᠩᠬᠤᠴᠠᠲᠤ ᠳᠤ ᠤᠴᠠᠷᠠᠯᠳᠤᠵᠤ ᠨᠠᠶᠢᠷᠯᠠᠯᠳᠤᠪᠠ᠃ ᠬᠡᠳᠦᠨ ᠡᠳᠦᠷ ᠤᠨ ᠳᠠᠷᠠᠭ᠎ᠠ ᠬᠠᠭᠠᠨ ᠬᠡᠨᠡᠳᠲᠡ ᠲᠩᠷᠢ ᠪᠤᠯᠪᠠ᠃ ᠬᠠᠰ ᠢᠵᠠᠭᠤᠷ ᠢ ᠨᠢ ᠬᠦᠷᠦᠯᠬᠦ ᠳᠤ ᠤᠷᠤᠰᠢᠭᠤᠯᠪᠠ᠃ ᠬᠤᠲᠤᠭᠲᠤ ᠬᠠᠭᠠᠨ ᠳᠤ ᠲᠤᠭᠤᠨᠲᠡᠮᠦᠷ᠂ ᠢᠷᠢᠨᠴᠢᠨᠪᠠᠯ᠂ ᠰᠦᠭᠡᠯᠳᠡᠷ ᠭᠤᠷᠪᠠᠨ ᠬᠦᠪᠡᠭᠦᠨ ᠲᠠᠢ᠃ 1329 ᠤᠨ ᠤ 9 ᠰᠠᠷ᠎ᠠ ᠶᠢᠨ 8᠎ ᠤ ᠡᠳᠦᠷ ᠶᠡᠭᠡ ᠲᠦᠰᠢᠮᠡᠯ ᠡᠯᠲᠡᠮᠦᠷ ᠨᠠᠷ ᠳᠡᠭᠡᠲᠤ ᠨᠡᠶᠢᠰᠯᠡᠯ ᠱᠠᠩᠳᠤ ᠳᠤ ᠳᠡᠭᠦᠦ ᠲᠦᠭᠲᠡᠮᠦᠷ ᠢ ᠨᠢ ᠳᠠᠬᠢᠨ ᠡᠷᠭᠦᠵᠤ ᠬᠠᠭᠠᠨ ᠤᠷᠤᠨ ᠳᠤ ᠰᠠᠭᠤᠯᠭᠠᠪᠠ᠃          ᠵᠠᠶᠠᠭᠠᠲᠦ ᠬᠠᠭᠠᠨ ᠲᠦᠭᠲᠡᠮᠦᠷ ︵1304~1332︶ ᠬᠠᠶᠢᠰᠠᠩ ᠬᠦᠯᠦᠭ ᠬᠠᠭᠠᠨ ᠤ ᠬᠤᠶᠠᠳᠣᠭᠠᠷ ᠭᠦᠪᠠᠭᠦᠠ᠂ ᠬᠤᠲᠤᠭᠲᠦ ᠬᠠᠭᠠᠠ ᠤ ᠲᠠᠭᠦᠣ᠃ ︵1328︶᠎ ᠳᠤ ᠶᠢᠰᠦᠨᠲᠡᠮᠦᠷ ᠬᠠᠭᠠᠠ ᠨᠠᠰᠣ ᠪᠠᠷᠠᠪᠠ᠃ 8 ᠰᠠᠷ᠎ᠠ ᠳᠤ᠂ ᠶᠠᠠ ᠲᠠᠮᠣᠷ ᠲᠦᠷᠣ ᠶᠢᠨ ᠬᠤᠪᠢᠰᠣᠯ ᠭᠠᠷᠭᠠᠭᠠᠣᠠ᠂ ᠲᠠᠭᠦᠠ ᠢ ᠲᠠᠶᠢᠳᠣ ᠳᠤ ᠠᠪᠠᠴᠢᠠ ᠬᠠᠭᠠᠠ ᠰᠠᠭᠤᠯᠭᠠᠵᠣ᠂ ᠤᠠ ᠤ ᠴᠣᠯᠠ ᠪᠠᠨ ᠲᠢᠶᠠᠠ ᠯᠢ ︵天历︶ ᠬᠡᠵᠣ ᠬᠠᠯᠠᠪᠠ᠃ ᠠᠬ᠎ᠠ ᠬᠦᠰᠡᠯᠡ ᠪᠠᠨ ᠢᠷᠠᠭᠦ ᠪᠠᠷ ᠨᠢ ᠤᠷᠣ ᠪᠠᠨ ᠲᠠᠯᠪᠢᠵᠣ ᠦᠭᠭᠦᠨ᠎ᠠ ᠬᠡᠵᠣ ᠪᠠᠶᠢᠬᠰᠠᠠ᠃ 9 ᠰᠠᠷ᠎ᠠ ᠳᠤ᠂ ᠡᠷᠬᠡᠳᠣ ᠲᠦᠰᠢᠮᠠᠯ ᠳ᠋ᠣᠣᠷᠣᠱᠠ ᠲᠠᠢ ᠳ᠋ᠢᠩ ᠬᠠᠭᠠᠠ ᠤ ᠭᠦᠣ ᠠᠰᠣᠴᠢᠪᠠᠣ ᠶᠢ ᠲᠠᠬᠡᠳᠣ ᠨᠠᠶᠢᠰᠯᠠᠯ ᠳᠤ ᠬᠠᠭᠠᠠ ᠰᠠᠭᠤᠯᠭᠠᠭᠠᠣᠠ᠂ 10 ᠰᠠᠷ᠎ᠠ ᠳᠤ ᠢᠯᠠᠬᠳᠠᠪᠠ᠃ ᠲᠢᠶᠠᠠ ᠯᠢ ᠶᠢᠨ ᠬᠤᠶᠠᠳᠣᠭᠠᠷ ᠤᠠ ︵1329︶᠎ ᠤ ᠴᠠᠭᠠᠠ ᠰᠠᠷ᠎ᠠ ᠳᠤ ᠭᠦᠰᠠᠯᠠ ᠬᠠᠷ᠎ᠠ ᠬᠤᠷᠣᠮ ᠳᠤ ᠬᠠᠭᠠᠠ ᠰᠠᠭᠤᠪᠠ᠂ ᠬᠦᠰᠡᠯᠡ ᠲᠠᠶᠢᠳᠣ ᠤᠷᠣᠭᠤ ᠶᠠᠪᠤᠬᠤ ᠵᠠᠮ ᠳᠠᠭᠠᠨ ᠰᠣᠴᠢᠮᠠᠬ ᠢᠶᠠᠷ ᠨᠦᠭᠴᠢᠭᠰᠡᠠ ᠲᠣᠯᠠ ᠲᠠᠬᠡᠳᠣ ᠨᠠᠶᠢᠰᠯᠠᠯ ᠳᠤ ᠲᠠᠬᠢᠠ ᠰᠢᠷᠠᠬᠡᠠ ᠳᠤ ᠰᠠᠭᠤᠪᠠ᠃ ᠰᠠᠭᠤᠷᠢᠠ ᠳᠤ 5 ᠵᠢᠯ ᠪᠠᠶᠢᠪᠠ᠃           ᠷᠢᠴᠢᠨᠪᠠᠯ ᠬᠠᠭᠠᠨ ︵1326~1332︶ ᠬᠤᠲᠤᠭᠲᠦ ᠬᠠᠭᠠᠨ ᠭᠦᠰᠠᠯᠠ ᠶᠢᠨ ᠬᠤᠶᠠᠳᠣᠭᠠᠷ ᠭᠦᠪᠠᠭᠦᠠ᠃         ᠲᠣᠭᠤᠠᠳᠠᠮᠣᠷ ᠬᠠᠭᠠᠠ ᠤ ᠲᠠᠭᠦᠣ᠃ ᠭᠦᠰᠠᠯᠠ ᠬᠠᠭᠠᠠ ᠨᠠᠰᠣ ᠪᠠᠷᠠᠬᠰᠠᠠ ᠤ ᠲᠠᠷᠠᠭ᠎ᠠ ᠨᠠᠶᠢᠰᠯᠠᠯ ᠳᠤ ᠦᠯᠠᠳᠠᠪᠠ᠃ 1332 ᠤᠨ ᠤ 8 ᠰᠠᠷ᠎ᠠ ᠳᠤ᠂ ᠵᠠᠶᠠᠭᠠᠲᠦ ᠬᠠᠭᠠᠨ ᠲᠦᠭᠳᠠᠮᠣᠷ ᠬᠠᠭᠠᠠ ᠨᠠᠰᠣ ᠨᠦᠭᠴᠢᠵᠣ᠂ 10 ᠰᠠᠷ᠎ᠠ ᠳᠤ ᠬᠤᠸᠠᠩᠬᠡᠣ ᠪᠤᠳᠢᠰᠢᠷᠢ ᠪᠠ ᠪᠠᠷᠠᠭᠤᠠ ᠴᠧᠩᠰᠢᠶᠠᠩ ᠶᠠᠠ ᠲᠠᠮᠣᠷ ᠬᠠᠭᠠᠠ ᠤ ᠬᠡᠷᠢᠶᠠᠰᠯᠠᠠ ᠵᠠᠬᠢᠬᠰᠠᠠ ᠶᠣᠰᠣᠭᠠᠷ ᠲᠠᠭᠦᠠ ᠢ ᠬᠠᠭᠠᠠ ᠰᠠᠭᠤᠯᠭᠠᠪᠠ᠃ 11 ᠰᠠᠷ᠎ᠠ ᠳᠤ 7 ᠨᠠᠰᠣᠳᠠᠢ ᠡᠪᠠᠣᠠᠴᠢᠠ ᠢᠶᠠᠷ ᠨᠠᠰᠣ ᠪᠠᠷᠠᠵᠠᠢ᠃ ᠰᠠᠭᠤᠷᠢᠠ ᠳᠤ 53 ᠬᠤᠨᠤᠬ ᠰᠠᠭᠤᠵᠠᠢ᠃         ᠤᠬᠠᠭᠠᠨᠲᠦ ᠬᠠᠭᠠᠨ ᠲᠤᠭᠤᠭᠠᠨᠲᠡᠮᠦᠷ ︵1320~1370︶ ᠬᠤᠲᠤᠭᠲᠦ ᠬᠠᠭᠠᠨ ᠭᠦᠰᠠᠯᠠ ᠶᠢᠨ ᠤᠣᠭᠠᠠ ᠭᠦᠣ᠃ ᠭᠦᠰᠠᠯᠠ ᠰᠣᠴᠢᠮᠠᠬ ᠨᠠᠰᠣ ᠪᠠᠷᠠᠵᠣ᠂ ᠲᠠᠭᠦᠣ ᠨᠢ ᠲᠦᠭᠳᠠᠮᠣᠷ ᠬᠠᠭᠠᠠ ᠰᠠᠭᠤᠷᠢᠠ ᠢ ᠵᠠᠯᠭᠠᠮᠵᠢᠯᠠᠪᠠ ᠃ 1332᠎ ᠳᠤ ᠵᠠᠶᠠᠭᠠᠲᠦ ᠬᠠᠭᠠᠨ ᠲᠦᠭᠳᠠᠮᠣᠷ᠂ ᠷᠢᠠᠴᠢᠠᠪᠠᠯ ᠬᠠᠭᠠᠨ ᠨᠠᠷ ᠬᠤᠶᠢᠨ᠎ᠠ ᠬᠤᠶᠢᠨ᠎ᠠ ᠠᠴᠠ ᠪᠠᠨ ᠨᠠᠰᠣ ᠪᠠᠷᠠᠪᠠ᠃ ᠲᠦᠷᠪᠠᠳᠣᠬᠡᠷ ᠤᠠ ᠳᠤ᠂ ᠵᠠᠶᠠᠭᠠᠲᠦ ᠬᠠᠭᠠᠨ ᠲᠦᠭᠳᠠᠮᠣᠷ ᠤᠨ ᠬᠠᠳᠣᠠ ᠪᠤᠳᠠᠰᠢᠷᠢ ᠳᠤ ᠬᠠᠭᠠᠠ ᠤ ᠵᠠᠯᠭᠠᠮᠵᠢᠯᠠᠬᠴᠢ ᠪᠠᠷ ᠵᠢᠭᠠᠬᠳᠠᠬᠰᠠᠠ ᠪᠤᠯᠪᠠᠴᠣ ᠡᠷᠬᠡᠳᠣ ᠰᠠᠶᠢᠣᠠ ᠶᠠᠠ ᠲᠠᠮᠣᠷ ᠰᠠᠭᠠᠳᠠᠭᠤᠯᠣᠬᠰᠠᠠ ᠠᠴᠠ ᠪᠤᠯᠵᠣ᠂ ᠰᠠᠭᠤᠷᠢᠠ ᠳᠤ ᠰᠠᠭᠤᠵᠣ ᠴᠢᠳᠠᠭ᠎ᠠ ᠦᠬᠡᠢ᠃ ᠶᠠᠠ ᠲᠠᠮᠣᠷ ᠦᠭᠦᠭᠰᠠᠠ ᠤ ᠲᠠᠷᠠᠭ᠎ᠠ ᠲᠠᠬᠡᠳᠣ ᠨᠠᠶᠢᠰᠯᠠᠯ ᠳᠤ ᠰᠠᠭᠤᠷᠢᠨ᠎ᠠ ᠰᠠᠭᠤᠵᠣ᠂ ᠤᠠ ᠤ ᠴᠣᠯᠠ ᠪᠠᠨ ᠶᠣᠸᠠᠠ ᠲᠦᠩ ᠬᠡᠪᠠ᠃ 1368 ᠤᠨ ᠤ 7 ᠰᠠᠷ᠎ᠠ ᠳᠤ ᠮᠢᠩ ᠤᠨ ᠴᠡᠷᠢᠭ ᠲᠠᠶᠢᠳᠣ ᠳᠤ ᠲᠦᠭᠦᠭᠦᠶ᠎ᠠ᠂ ᠬᠠᠳᠣᠠ᠂ ᠰᠣᠯᠠ ᠬᠠᠳᠣᠠ᠂ ᠲᠠᠶᠢᠽᠢ ᠪᠠᠨ ᠲᠠᠭᠠᠭᠤᠯᠣᠠ ᠲᠠᠬᠡᠳᠣ ᠨᠠᠶᠢᠰᠯᠠᠯ ︵ᠤᠳᠣ ᠶᠢᠨ ᠰᠢᠯᠣᠭᠤᠠ ᠭᠦᠬᠡ ᠬᠤᠰᠢᠭᠤ ᠳᠤ ᠪᠤᠢ︶ ᠦᠬᠡᠳᠠ ᠵᠢᠭᠤᠳᠠᠵᠠᠢ᠃ ᠬᠤᠶᠠᠳᠣᠭᠠᠷ ᠤᠠ ᠳᠤ ᠮᠢᠩ ‍ᠤᠨ‌ᠵᠠᠩᠵᠣᠠ ᠴᠠᠩ ᠢᠣᠢ ᠴᠦᠠ᠂ ᠯᠢ ᠸᠧᠠ ᠵᠦᠩ ᠲᠠᠬᠡᠳᠣ ᠨᠠᠶᠢᠰᠯᠠᠯ ᠤᠷᠣᠭᠤ ᠲᠣᠪᠳᠣᠯᠬᠤ ᠳᠤ ᠪᠠᠷᠰ ᠬᠤᠳᠠ ︵ᠶᠢᠩ ᠴᠠᠩ᠂ ᠤᠳᠣ ᠶᠢᠨ ᠬᠡᠰᠢᠭᠳᠡᠠ ᠬᠤᠰᠢᠭᠤᠠ ᠤ ᠪᠠᠷᠠᠭᠤᠠ ᠬᠡᠰᠡᠭ︶ ᠲᠠᠰᠢ ᠲᠦᠷᠪᠡᠬᠡᠣᠠ᠂ ᠲᠠᠷᠠᠭ᠎ᠠ ᠵᠢᠯ ᠨᠢ ᠡᠪᠠᠣᠠᠴᠢᠠ ᠢᠶᠠᠷ ᠨᠠᠰᠣ ᠪᠠᠷᠠᠪᠠ᠃           ᠠᠶᠤᠰᠢᠳᠠᠷ᠎ᠠ ᠪᠢᠯᠢᠭᠲᠦ ᠬᠠᠭᠠᠨ ︵ᠲᠤᠭᠤᠭᠠᠨᠲᠡᠮᠦᠷ ᠤᠨ ᠬᠦᠪᠡᠬᠦᠨ᠂ 1370 — 1378 ᠬᠠᠭᠠᠨ ᠰᠠᠭᠤᠷᠢᠨ ᠳᠤ ᠪᠠᠶᠢᠪᠠ᠃︶ ᠲᠡᠭᠦᠰᠲᠡᠮᠦᠷ ᠤᠰᠬᠠᠯ ᠬᠠᠭᠠᠨ ︵ᠠᠶᠤᠰᠢᠳᠠᠷ᠎ᠠ ᠶᠢᠨ ᠳᠡᠭᠦᠦ᠂ 1350᠎ ᠳᠤ ᠲᠦᠷᠦᠵᠦ᠂ 1378 — 1388 ᠤᠨ ᠳᠤ ᠰᠠᠭᠤᠷᠢᠨ ᠪᠠᠶᠢᠪᠠ᠂ ᠶᠢᠰᠦᠳᠡᠷ ᠳᠤ ᠠᠯᠠᠭᠳᠠᠪᠠ᠃︶           ᠶᠢᠰᠦᠳᠡᠷ ᠵᠤᠷᠢᠭᠲᠦ ᠬᠠᠭᠠᠨ ︵ᠠᠷᠢᠭᠪᠦ᠋ᠬᠡ ᠶᠢᠨ ᠬᠤᠶᠢᠴᠢᠰ᠂ 1388 — 1391 ᠤᠨ ᠳᠤ ᠬᠠᠭᠠᠨ‌‍ᠰᠠᠭᠤᠷᠢᠨ ᠳᠤ ᠪᠠᠶᠢᠪᠠ᠃︶           ᠡᠩᠬᠡ ᠬᠠᠭᠠᠨ ︵ᠶᠢᠰᠦᠳᠡᠷ ᠤᠨ ᠬᠦᠪᠡᠭᠦᠨ᠂ 1391 — 1394 ᠤᠨ ᠳᠤ ᠬᠠᠭᠠᠨ ᠰᠠᠭᠤᠷᠢᠨ ᠳᠤ ᠪᠠᠶᠢᠵᠦ᠂ 1391 ᠤᠨ ᠠᠯᠠᠭᠳᠠᠪᠠ᠃︶ ᠡᠯᠪᠡᠭ ᠨᠢᠭᠦᠯᠡᠰᠦᠭᠴᠢ ᠬᠠᠭᠠᠨ ᠮᠠᠶᠢᠲᠠᠷᠪᠠᠯᠠ ︵ᠠᠶᠤᠰᠢᠳᠠᠷ᠎ᠠ ᠶᠢᠨ ᠬᠦᠪᠡᠭᠦᠨ᠂ ᠪᠠᠷᠤᠭ 1394 — 1399 ᠤᠨ ᠳᠤ ᠰᠠᠭᠤᠷᠢᠨ ᠪᠠᠶᠢᠵᠦ᠂ 1399 ᠤᠨ ᠳᠤ ᠦᠬᠡᠴᠢ ᠬᠠᠰᠠᠬ᠎ᠠ ᠳᠤ ᠠᠯᠠᠭᠳᠠᠪᠠ᠃︶           ᠭᠦᠨᠲᠡᠮᠦᠷ ᠬᠠᠭᠠᠨ ︵ᠠᠷᠢᠭᠪᠦᠭᠡ ᠶᠢᠨ ᠬᠤᠶᠢᠴᠢᠰ᠂ 1384 ᠤᠨ ᠲᠦᠷᠦᠵᠦ᠂ 1399 — 1402 ᠤᠨ ᠳᠤ ᠰᠠᠭᠤᠷᠢᠨ ᠳᠤ ᠪᠠᠶᠢᠪᠠ᠂ ᠦᠬᠡᠴᠢ ᠬᠠᠰᠬ᠎ᠠ ᠡᠷᠭᠦᠵᠦ ᠰᠠᠭᠤᠷᠢᠨ ᠳᠤ ᠭᠠᠷᠭᠠᠪᠠ᠃︶            ᠬᠦᠢᠯᠡᠴᠢ ᠬᠠᠭᠠᠨ ︵ᠠᠷᠢᠭᠪᠦᠭᠡ ᠶᠢᠨ ᠬᠤᠶᠢᠴᠢᠰ᠂ 1402 ᠤᠨ ᠳᠤ ᠰᠠᠭᠤᠷᠢᠨ ᠰᠠᠭᠤᠵᠤ᠂ 1408 ᠤᠨ ᠳᠤ ᠠᠯᠠᠭᠳᠠᠪᠠ᠃︶           ᠦᠯᠵᠡᠶᠢᠲᠦ ᠬᠠᠭᠠᠨ ᠪᠤᠶᠠᠨᠰᠢᠷᠢ ︵ᠡᠯᠪᠡᠭ ᠨᠢᠭᠦᠯᠡᠰᠦᠭᠴᠢ ᠬᠠᠭᠠᠨ ᠤ ᠬᠦᠪᠡᠭᠦᠨ᠂ 1384 ᠤᠨ‌‍ᠲ᠋ᠦ᠋ᠷᠦᠵᠦ᠂ 1408 ᠤᠨ ᠰᠠᠭᠤᠷᠢᠨ ᠰᠠᠭᠤᠵᠤ᠃ 1411 ᠤᠨ ᠳᠤ ᠮᠠᠬᠠᠮᠤ ᠳᠤ ᠠᠯᠠᠭᠳᠠᠪᠠ᠃︶ ᠳᠡᠯᠪᠡᠭ ᠬᠠᠭᠠᠨ ︵ᠠᠷᠢᠭᠪᠦᠭᠡ ᠶᠢᠨ ᠬᠤᠶᠢᠴᠢᠰ᠂ ᠮᠠᠬᠠᠮᠤ ᠡᠷᠭᠦᠵᠦ ᠬᠠᠭᠠᠨ ᠰᠠᠭᠤᠯᠭᠠᠪᠠ᠂1411 — 1415 ᠤᠨ ᠳᠤ ᠰᠠᠭᠤᠷᠢᠨ ᠳᠤ ᠪᠠᠶᠢᠪᠠ᠃ 1415 ᠤᠨ ᠳᠤ ᠠᠷᠤᠭᠲᠠᠢ ᠳᠤ ᠠᠯᠠᠭᠳᠠᠪᠠ᠃︶          ᠤᠶᠢᠷᠠᠳᠠᠢ ᠬᠠᠭᠠᠨ ︵1416 ᠤᠨ ᠳᠤ ᠰᠠᠭᠤᠷᠢᠨ ᠳᠤ ᠰᠠᠭᠤᠵᠤ᠂ 1425 ᠤᠨ ᠳᠤ ᠨᠠᠰᠤ ᠪᠠᠷᠠᠪᠠ ᠃︶          ᠠᠳᠠᠢ ᠬᠠᠭᠠᠨ ︵1410 ᠤᠨ ᠳᠤ ᠬᠠᠭᠠᠨ ᠤᠷᠤ ᠰᠠᠭᠤᠵᠤ᠂ 1438 ᠤᠨ ᠲᠤᠭᠤᠨ ᠲᠠᠶᠢᠱᠢ ᠳᠤ ᠠᠯᠠᠭᠳᠠᠪᠠ︶        ᠲᠠᠶᠢᠰᠦ᠋ᠩ ᠬᠠᠭᠠᠨ ᠲᠤᠭᠲᠤᠭᠠᠪᠤᠬ᠎ᠠ ︵ᠡᠯᠪᠡᠭ ᠨᠢᠭᠦᠯᠡᠰᠦᠩᠭᠦᠢ ᠬᠠᠭᠠᠨ ᠤ 1433 ᠤᠨ ᠲᠤᠭᠤᠨ ᠡᠷᠭᠦᠵᠦ ᠬᠠᠭᠠᠨ ᠰᠠᠭᠤᠷᠢᠨ ᠳᠤ ᠰᠠᠭᠤᠯᠬᠠᠵᠤ᠂ 1452 ᠤᠨ ᠳᠤ ᠲᠤᠭᠤᠨ ᠤ ᠬᠦᠪᠡᠭᠦᠨ ᠡᠰᠡᠨ ᠪᠤᠯᠤᠨ ᠦᠪᠡᠷ ‍ᠤᠨ‌‍ᠲ᠋ᠡᠭᠦᠦ ᠠᠭᠪᠠᠷᠵᠢᠨ ᠵᠢᠨᠦᠩ ᠳᠤ ᠠᠯᠠᠭᠳᠠᠪᠠ᠃︶        ᠠᠭᠪᠠᠷᠵᠢᠨ ᠵᠢᠨᠦᠩ ᠬᠠᠭᠠᠨ ︵1452 ᠤᠨ ᠳᠤ ᠠᠬ᠎ᠠ ᠲᠠᠶᠢᠰᠦ᠋ᠩ ᠬᠠᠭᠠᠨ ᠢ ᠪᠠᠨ ᠬᠤᠷᠤᠭᠠᠵᠤ᠂ ᠬᠠᠭᠠᠨ ᠰᠢᠷᠡᠭᠡᠨ ᠳᠤ ᠰᠠᠭᠤᠬᠤ ᠦᠶ᠎ᠡ ᠳᠤ ᠪᠠᠨ ᠡᠰᠡᠨ ᠲᠠᠶᠢᠱᠢ ᠳᠤ ᠬᠤᠷᠤᠯᠠᠭᠳᠠᠪᠠ᠃︶          ᠡᠰᠡᠨ ᠬᠠᠭᠠᠨ ᠡᠰᠠᠠ ︵1407~1454︶ ᠤᠮᠠᠷᠠᠳᠣ ᠶᠣᠸᠠᠠ ᠤᠯᠣᠰ ᠤᠨ ᠦᠶ᠎ᠠ ᠶᠢᠨ ᠦᠢᠷᠠᠣᠠ ᠤᠨ ᠴᠣᠷᠣᠰ ᠠᠶᠢᠮᠠᠬ ᠤᠨ ᠠᠬᠠᠯᠠᠬᠴᠢ᠃ ᠪᠠᠳᠣᠯᠠ ᠴᠢᠩᠰᠠᠩ ᠤᠨ ᠤᠮᠪᠤᠯᠣ᠂ ᠲᠣᠭᠤᠠ ᠤ ᠭᠦᠣ᠃ 1542 ᠤᠠ ᠳᠤ᠂ ᠬᠠᠭᠠᠠ ᠰᠠᠭᠤᠷᠢᠠ ᠤ ᠠᠰᠠᠭᠤᠳᠠᠯ ᠲᠠᠬᠡᠷ᠎ᠠ ᠲᠠᠶᠢᠰᠦᠩ ᠬᠠᠭᠠᠨ ᠲᠤᠭᠲᠠᠪᠤᠬ᠎ᠠ ᠲᠠᠢ ᠵᠦᠷᠢᠯᠳᠣᠠ ᠲᠣᠳᠣᠭᠠᠳᠣ ᠶᠢᠨ ᠬᠢᠮᠣᠷᠠᠯᠳᠣᠭᠠᠠ ᠪᠤᠯᠵᠣ ᠬᠠᠭᠠᠠ ᠢᠶᠠᠨ ᠦᠯᠳᠠᠠ ᠵᠠᠶᠢᠯᠠᠭᠤᠯᠪᠠ᠃ ᠮᠦᠠ ᠵᠢᠯ ᠨᠢ ᠬᠠᠭᠠᠠ ᠤ ᠲᠠᠭᠦᠣ ᠠᠭᠪᠠᠷᠵᠢᠨ ᠵᠢᠨᠣᠩ ᠢ ᠠᠯᠠᠵᠣ᠂ 1453 ᠤᠠ ᠳᠤ ᠬᠠᠭᠠᠨ ᠰᠢᠷᠡᠭᠡᠨ ᠳᠤ ᠰᠠᠭᠤᠵᠦ᠂ ᠦᠪᠠᠷ ᠤᠨ ᠭᠦᠣ ᠪᠠᠨ ᠲᠠᠶᠢᠱᠢ ᠪᠠᠷᠠᠭᠤᠠ ᠭᠠᠷᠣᠠ ᠴᠧᠩᠰᠢᠶᠠᠩ ᠪᠤᠯᠭᠠᠬᠰᠠᠠ ᠠᠴᠠ ᠪᠤᠯᠵᠣ ᠠᠯᠠᠬ ᡁᠢ ᠶᠣᠸᠠᠠ ᠤ ᠲᠣᠷ᠎ᠠ ᠦᠬᠡᠢ ᠶᠢ ᠭᠦᠷᠬᠡᠬᠡᠣᠠ᠂ 1454 ᠤᠠ ᠳᠤ ᠠᠯᠠᠬ ᡁᠢ ᠶᠣᠸᠠᠠ ᠳᠤ ᠠᠯᠠᠬᠳᠠᠵᠠᠢ᠃ ᠡᠷᠲᠡᠨ ᠤ ᠮᠤᠩᠭᠤᠯ ᠬᠠᠭᠠᠳ ᠤᠨ ᠳᠤᠲᠤᠷ᠎ᠠ ᠴᠤᠷ ᠤᠨ ᠭᠠᠭᠴᠠ ᠠᠯᠲᠠᠨ ᠤᠷᠤᠭᠲᠠᠨ ᠤ ᠪᠤᠰᠤ ᠬᠦᠮᠦᠨ᠃         ᠮᠠᠬᠠᠭᠦ᠋ᠷᠭᠢᠰ ᠬᠠᠭᠠᠨ ︵1446 — 1465︶ ᠲᠠᠶᠢᠰᠦ᠋ᠩ ᠬᠠᠭᠠᠨ ᠲᠤᠭᠲᠠᠭᠠᠪᠤᠬ᠎ᠠ ᠶᠢᠨ ᠬᠦᠪᠡᠭᠦᠨ᠃        ᠴᠤᠯᠠ ᠦᠭᠡᠭᠲᠤ ᠬᠠᠭᠠᠨ᠂ ᠮᠢᠩ ᠤᠯᠤᠰ ᠤᠨ ᠬᠢᠨ ᠲᠡᠭᠦᠨ ᠢ ︽ᠪᠠᠭ᠎ᠠ ᠬᠠᠭᠠᠨ︾ ᠭᠡᠳᠡᠭ᠃ ᠡᠰᠡᠨ ᠬᠠᠭᠠᠨ ᠢ ᠬᠤᠷᠤᠭᠠᠭᠳᠠᠭᠰᠡᠨ ᠤ ᠳᠠᠷᠠᠭ᠎ᠠ 1454 ᠤᠨ ᠳᠤ ᠪᠤᠯᠠᠢ ᠲᠠᠶᠢᠱᠢ᠂ ᠮᠤᠤᠯᠢᠬᠠᠢ ᠸᠠᠩ ᠨᠡᠷ ᠲᠡᠭᠦᠨ ᠢ ᠬᠦᠷᠢᠶᠡᠯᠡᠨ‌ᠬᠠᠭᠠᠨ ᠡᠷᠭᠦᠮᠵᠢᠯᠡᠪᠡ᠃ ᠡᠭᠡ ᠨᠢ ᠰᠠᠮᠤᠷ ᠳᠡᠭᠡᠲᠤ ᠬᠠᠲᠤᠨ ᠨᠠᠰᠤᠨ ᠪᠠᠭ᠎ᠠ ᠲᠡᠭᠦᠨ ᠢ ᠦᠭᠡᠭ ᠲᠤ ᠰᠠᠭᠤᠯᠭᠠᠨ ᠳᠠᠭᠠᠭᠤᠯᠵᠤ ᠤᠶᠢᠷᠠᠳ ᠢ ᠳᠠᠶᠢᠯᠠᠭᠠᠳ ᠶᠡᠭᠡᠲᠡ ᠳᠡᠶᠢᠯᠪᠡ᠃ ᠡᠶᠢᠨ ᠬᠦ ᠲᠡᠷᠡ ᠪᠠᠷ ᠦᠭᠡᠭᠲᠤ ᠬᠠᠭᠠᠨ ᠭᠡᠵᠤ ᠠᠯᠳᠠᠷᠰᠢᠪᠠ᠃ 1465 ᠤᠨ ᠳᠤ ᠪᠤᠯᠠᠢ ᠲᠡᠶᠢᠱᠢ ᠲᠠᠢ ᠡᠶ᠎ᠡ ᠡᠪᠲᠡᠷᠡᠯᠴᠡᠵᠤ᠂ ᠪᠤᠯᠠᠢ ᠲᠠᠶᠢᠱᠢ ᠦᠭᠡᠭᠲᠤ ᠬᠠᠭᠠᠨ ᠢ ᠬᠤᠤᠷᠯᠠᠨ ᠬᠤᠷᠤᠭᠠᠪᠠ᠃  ᠮᠤᠯᠤᠨ ᠬᠠᠭᠠᠨ ︵1437~1466︶ ᠲᠠᠶᠢᠰᠣᠩ ᠬᠠᠭᠠᠠ ᠤ ᠤᠣᠭᠠᠠ ᠭᠦᠣ᠂ ᠲᠠᠭᠦᠰ ᠬᠡᠮᠠᠭᠦ ᠨᠠᠷ᠎ᠠ ᠲᠠᠢ᠃ 1465 ᠤᠠ ᠳᠤ ᠤᠩᠨᠢᠭᠤᠣᠠ ᠤᠨ ᠡᠵᠠᠠ ᠮᠣᠯᠢᠬᠠᠢ ᠸᠠᠩ ᠳᠤ ᠲᠠᠣᠠᠭᠦᠭᠳᠠᠵᠣ ᠬᠠᠭᠠᠠ ᠰᠠᠭᠤᠭᠠᠣᠠ᠂ ︽ᠮᠣᠯᠣᠠ ᠬᠠᠭᠠᠠ︾ ᠴᠣᠯᠠ ᠡᠷᠭᠦᠭᠰᠠᠠ ᠪᠤᠯᠪᠠᠴᠣ ᠴᠣᠬᠤᠮ ᠡᠷᠬᠡ ᠨᠢ ᠮᠣᠯᠢᠬᠠᠢ ᠸᠠᠩ ᠤᠨ ᠭᠠᠷ ᠲᠤ ᠪᠠᠶᠢᠪᠠ᠃ ᠤᠷᠳᠣᠰ ᠤᠨ ᠮᠦᠩᠬᠡ᠂ ᠬᠠᠳᠠᠠᠪᠤᠬ᠎ᠠ ᠶᠢᠨ ᠬᠠᠣᠠᠬᠤᠯᠭ᠎ᠠ ᠪᠠᠷ ᠮᠣᠯᠢᠬᠠᠢ ᠸᠠᠩ ᠤᠷᠣᠭᠤ ᠲᠣᠪᠳᠣᠯᠣᠭᠠᠣᠠ ᠢᠯᠠᠬᠳᠠᠵᠣ ᠮᠣᠯᠢᠬᠠᠢ ᠸᠠᠩ ᠳᠤ ᠠᠯᠠᠬᠳᠠᠵᠠᠢ᠃         ᠮᠠᠨᠳᠤᠭᠤᠯ ᠬᠠᠭᠠᠨ ︵1426~1479︶ ᠠᠵᠠᠢ ᠲᠠᠶᠢᠵᠢ ᠶᠢᠨ ᠭᠤᠷᠪᠠᠳᠣᠭᠠᠷ ᠭᠦᠣ᠂ ᠲᠠᠶᠢᠰᠣᠩ ᠬᠠᠭᠠᠠ ᠤ ᠡᠬᠡ ᠦᠬᠡᠷ᠎ᠠ ᠲᠠᠢ ᠲᠠᠭᠦᠣ᠃ 1475 ᠤᠠ ᠳᠤ ᠠᠴᠢ ᠤᠮᠪᠤᠯᠣ ᠨᠢ ᠪᠤᠯᠬᠤ ᠵᠢᠨᠦᠩ ᠬᠠᠭᠠᠠ ᠤᠷᠣ ᠪᠠᠨ ᠲᠠᠯᠪᠢᠵᠣ ᠦᠭᠭᠦᠭᠰᠠᠠ ᠢᠶᠠᠷ ᠬᠠᠭᠠᠠ ᠰᠠᠭᠤᠵᠣ᠂ ᠪᠤᠯᠬᠤ ᠶᠢ ᠵᠢᠨᠣᠩ᠂ ᠶᠦᠩᠰᠢᠶᠠᠪᠤ ᠶᠢᠨ ᠪᠠᠬᠢᠷᠰᠠᠠ ᠢ ᠲᠠᠶᠢᠱᠢ ᠪᠤᠯᠭᠠᠪᠠ᠃ ᠬᠠᠭᠠᠠ ᠤ ᠡᠷᠬᠡ ᠰᠦᠷ ᠢ ᠲᠠᠬᠢᠠ ᠮᠠᠠᠳᠣᠭᠤᠯᠬᠤ ᠶᠢᠨ ᠲᠦᠯᠣᠬᠡ ᠲᠦᠮᠠᠣᠠ ᠤᠨ ᠲᠣᠭᠤᠯᠠᠩ᠂ ᠤᠩᠨᠢᠭᠤᠣᠠ ᠤᠨ ᠮᠣᠯᠢᠬᠠᠢ ᠮᠠᠳᠣ ᠶᠢᠨ ᠡᠷᠬᠡᠳᠠᠠ ᠨᠠᠷ ᠢ ᠲᠠᠶᠢᠯᠠᠪᠠ᠃ ᠬᠤᠩᠬᠤᠯᠠᠢ᠂ ᠢᠰᠮᠠᠠ ᠨᠠᠷ ᠤᠨ ᠬᠠᠣᠠᠬᠤᠬᠰᠠᠠ ᠢᠶᠠᠷ ᠪᠤᠯᠬᠤ ᠵᠢᠨᠣᠩ ᠲᠠᠢ ᠡᠶ᠎ᠡ ᠡᠪᠳᠠᠷᠠᠵᠣ᠂ ᠢᠰᠮᠠᠠ ᠲᠠᠯᠢᠮ ᠢᠶᠠᠷ ᠨᠢ ᠪᠤᠯᠬᠤ ᠵᠢᠨᠣᠩ ᠳᠤ ᠴᠣᠬᠢᠯᠳᠠ ᠦᠭᠴᠠᠢ᠃ 1479 ᠤᠨ ᠳᠤ ᠨᠠᠰᠤ ᠪᠠᠷᠠᠪᠠ᠃           ᠪᠠᠲᠤᠮᠦ᠋ᠩᠬᠡ ᠳᠠᠶᠠᠨ ᠬᠠᠭᠠᠨ ︵1472~1517︶ ᠠᠭᠪᠠᠷᠵᠢᠨ ᠵᠢᠨᠦᠩ ᠤᠨ ᠬᠦᠪᠡᠭᠦᠨ ᠬᠠᠷᠬᠤᠴᠠᠭ ᠬᠤᠩ ᠲᠠᠶᠢᠵᠢ᠂ ᠲᠡᠭᠦᠨ ᠠᠴᠠ ᠪᠠᠶᠠᠨᠮᠦ᠋ᠩᠬᠡ ᠪᠤᠯᠬᠤ ᠵᠢᠨᠦᠩ ᠪᠠᠷᠠᠭᠤᠨ ᠭᠤᠷᠪᠠᠨ ᠲᠦᠮᠡᠨ ᠶᠢ ᠮᠡᠳᠡᠵᠦ ᠪᠠᠶᠢᠪᠠ᠂ ᠪᠠᠶᠠᠨᠮᠦ᠋ᠩᠬᠡ ᠪᠤᠯᠬᠤ ᠵᠢᠨᠦᠩ ᠤᠨ ᠬᠦᠪᠡᠭᠦᠨ ᠪᠠᠲᠤᠮᠦ᠋ᠩᠬᠡ ᠳᠠᠶᠠᠨ ᠬᠠᠭᠠᠨ ᠮᠠᠨᠳᠤᠭᠤᠯ ᠬᠠᠭᠠᠨ ᠶᠢ ᠵᠠᠯᠭᠠᠵᠤ ᠬᠠᠭᠠᠨ ᠤᠷᠤ ᠰᠠᠭᠤᠪᠠ᠃         ᠪᠠᠷᠠᠰᠪᠤᠯᠤᠳ ᠰᠠᠶᠢᠨ ᠠᠯᠠᠭ ᠬᠠᠭᠠᠨ ︵1490~1519︶ ᠲᠠᠶᠠᠠ ᠬᠠᠭᠠᠠ ᠤ ᠭᠤᠷᠪᠠᠳᠣᠭᠠᠷ ᠭᠦᠣ ᠃ ︽ᠰᠠᠶᠢᠠ ᠠᠯᠠᠬ︾ ᠴᠣᠯᠠ ᠲᠠᠢ᠃ 1517 ᠤᠨ ᠳᠤ ᠡᠴᠢᠭᠡ ᠳᠠᠶᠠᠨ ᠬᠠᠭᠠᠨ ᠤ ᠪᠠᠨ ᠰᠠᠭᠤᠷᠢᠨ ᠢ ᠵᠠᠯᠭᠠᠮᠵᠢᠯᠠᠵᠤ ᠬᠠᠭᠠᠨ ᠤᠷᠤ ᠰᠠᠭᠤᠭᠠᠳ᠂ 1519 ᠤᠨ ᠳᠤ ᠬᠠᠭᠠᠠ ᠤᠷᠣ ᠶᠢ ᠬᠠᠣᠯᠢ ᠶᠣᠰᠣᠠ ᠤ ᠵᠠᠯᠭᠠᠮᠵᠢᠯᠠᠬᠴᠢ ᠪᠤᠳᠢ ᠠᠯᠠᠬ ᠲᠤ ᠦᠭᠴᠠᠢ᠃︶          ᠪᠤᠳᠢ ᠠᠯᠠᠭ ᠬᠠᠭᠠᠨ ︵1507~1547︶ ᠲᠠᠶᠠᠠ ᠬᠠᠭᠠᠠ ᠤ ᠬᠦᠪᠡᠭᠦᠨ ᠤᠯᠤᠰᠪᠤᠯᠤᠳ ᠤᠨ ᠬᠦᠪᠡᠭᠦᠨ᠃ 1519 ᠤᠠ ᠳᠤ ᠰᠠᠭᠤᠷᠢᠠ ᠳᠤ ᠰᠠᠭᠤᠪᠠ᠃ 1547 ᠤᠨ ᠳᠤ ᠡᠪᠠᠣᠠᠴᠢᠠ ᠢᠶᠠᠷ ᠨᠠᠰᠣ ᠪᠠᠷᠠᠪᠠ᠂ ᠰᠠᠭᠤᠷᠢᠠ ᠳᠤ 28 ᠵᠢᠯ ᠪᠠᠶᠢᠪᠠ᠃︶          ᠳ᠋ᠡᠷᠡᠶᠢᠰᠤᠨ ᠭᠦᠳᠡᠩ ᠬᠠᠭᠠᠨ ︵1520~1557︶ ᠪᠤᠳᠢ ᠠᠯᠠᠬ ᠬᠠᠭᠠᠠ ᠤ ᠤᠣᠭᠠᠠ ᠭᠦᠣ᠃ 1548 ᠤᠠ ᠳᠤ 28 ᠨᠠᠰᠣᠠ ᠳᠠᠭᠠᠨ ᠡᠴᠢᠬᠡ ᠶᠢᠨ ᠢᠶᠠᠨ ᠰᠠᠭᠤᠷᠢᠠ ᠢ ᠵᠠᠯᠭᠠᠮᠵᠢᠯᠠᠵᠣ ᠬᠠᠭᠠᠠ ᠰᠠᠭᠤᠪᠠ᠃ 1557 ᠤᠨ ᠳᠤ ᠨᠠᠰᠤ ᠨᠦᠭᠴᠢᠪᠠ᠃︶        ᠲᠦᠮᠡᠨ ᠵᠠᠰᠠᠭᠲᠦ ᠬᠠᠭᠠᠨ ︵1539 ~1592︶ ᠲᠠᠷᠠᠶᠢᠰᠣᠠ ᠭᠦᠳᠠᠩ ᠬᠠᠭᠠᠠ ᠤ ᠤᠣᠭᠠᠠ ᠭᠦᠣ᠃1558 ᠤᠠ ᠳᠤ ᠡᠴᠢᠬᠡ ᠶᠢᠨ ᠢᠶᠠᠨ ᠬᠠᠭᠠᠠ ᠤᠷᠣ ᠶᠢ ᠵᠠᠯᠭᠠᠮᠵᠢᠯᠠᠪᠠ᠃ 1592 ᠤᠠ ᠳᠤ ᠨᠠᠰᠣ ᠪᠠᠷᠠᠪᠠ᠂ᠰᠠᠭᠤᠷᠢᠠ ᠳᠤ 35 ᠵᠢᠯ ᠰᠠᠭᠤᠵᠠᠢ᠃︶         ᠪᠤᠶᠠᠨ ᠰᠡᠴᠡᠨ ᠬᠠᠭᠠᠨ ︵1555 ~1603︶ ᠲᠦᠮᠠᠠ ᠵᠠᠰᠠᠬᠳᠣ ᠬᠠᠭᠠᠠ ᠤ ᠤᠣᠭᠠᠠ ᠭᠦᠣ᠃ 1593 ᠤᠠ ᠳᠤ ᠬᠠᠭᠠᠠ ᠤᠷᠤ ᠰᠠᠭᠤᠵᠣ᠂ ᠰᠠᠭᠤᠷᠢᠠ ᠳᠤ 10 ᠵᠢᠯ ᠰᠠᠭᠤᠭᠠᠣᠠ 1603 ᠤᠠ ᠳᠤ ᠨᠠᠰᠣ ᠨᠦᠭᠴᠢᠵᠠᠢ᠃          ᠯᠢᠭᠳᠡᠨ ᠬᠤᠲᠤᠭᠲᠦ ᠬᠠᠭᠠᠨ ︵1592 ~1634︶ ᠮᠣᠩᠭᠤᠯ ᠤᠨ ᠡᠴᠣᠰ ᠤᠨ ᠬᠠᠭᠠᠠ᠃ ︽ᠬᠤᠳᠣᠬᠳᠣ ᠬᠠᠭᠠᠠ︾ ᠴᠣᠯᠠ ᠲᠠᠢ᠃ ᠪᠤᠶᠠᠠ ᠰᠠᠴᠠᠠ ᠬᠠᠭᠠᠠ ᠤ ᠤᠣᠭᠠᠠ ᠭᠦᠣ ᠮᠠᠩᠭᠤᠰ ᠲᠠᠶᠢᠵᠢ ᠶᠢᠨ ᠬᠦᠪᠡᠭᠦᠨ᠂ 1604 ᠤᠠ ᠳᠤ ᠮᠣᠩᠭᠤᠯ ᠤᠨ ᠬᠠᠭᠠᠠ ᠤ ᠤᠷᠣ ᠶᠢ ᠵᠠᠯᠭᠠᠮᠵᠢᠯᠠᠪᠠ᠃ 1634 ᠤᠨ ᠳᠤ ᠬᠦᠬᠡᠨᠠᠭᠤᠷ ᠤᠨ ᠰᠢᠷ᠎ᠠ ᠲᠠᠯ᠎ᠠ ᠳᠤ ᠡᠪᠡᠳᠴᠢᠨ ᠢᠶᠠᠷ ᠨᠠᠰᠤ ᠪᠠᠷᠠᠪᠠ᠃                                ᠡᠮᠬᠢᠯᠡᠨ ᠨᠠᠶᠢᠷᠠᠭᠤᠯᠤᠭᠴᠢ᠄ ᠡᠷᠳᠡᠨᠢᠴᠤᠭᠲᠦ                                ᠬᠢᠨᠠᠭᠴᠢ᠄ ᠭᠡᠷᠡᠯᠲᠦ                            
 
ᠢᠷᠡᠯᠲᠡ᠄ ᠤᠯᠠᠭᠠᠨᠴᠠᠪ ᠬᠤᠲᠠ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2