ᠴᠠᠬᠠᠷ ᠨᠠᠢᠮᠠᠨ ᠬᠤᠰᠢᠭᠤᠨ ᠤ ᠬᠤᠪᠢᠰᠤᠯ
ᠨᠡᠶᠢᠲᠡᠯᠡᠭᠰᠡᠨ ᠴᠠᠭ᠄
2020/12/2
         1917 ᠤᠨ ᠤ 6 ᠰᠠᠷ᠎ᠠ ᠳᠤ᠂ ᠤᠮᠠᠷᠠᠳᠤ ᠶᠢᠨ ᠵᠠᠰᠠᠭ ᠤᠨ  ᠤᠷᠳᠤᠨ ᠠᠴᠠ ᠿᠧ ᠡᠾᠧ᠂  ᠰᠦᠢᠶᠤᠸᠠᠨ᠂ ᠴᠠᠬᠠᠷ ᠢ ᠭᠤᠷᠪᠠᠨ ᠤᠨᠴᠠᠭᠠᠢ ᠤᠷᠤᠨ ᠪᠤᠯᠭᠠᠵᠤ᠂ ᠢᠷᠭᠡᠨ ᠤᠯᠤᠰ ᠤᠨ ᠠᠷᠪᠠᠨ  ᠳᠤᠯᠤᠳᠤᠭᠠᠷ ᠤᠨ ︵1928︶᠎ ᠤ ᠶᠢᠰᠤᠨ ᠰᠠᠷ᠎ᠠ ᠳᠤ᠂ ᠭᠤᠮᠢᠨᠳᠠᠩ ᠤᠨ ᠵᠠᠰᠠᠭ ᠤᠨ ᠤᠷᠳᠤᠨ ᠠᠴᠠ ᠭᠤᠷᠪᠠᠨ ᠤᠨᠴᠠᠭᠠᠢ ᠤᠷᠤᠨ ᠢ ᠮᠤᠵᠢ ᠪᠤᠯᠭᠠᠨ ᠦᠭᠡᠷᠡᠴᠢᠯᠡᠵᠤ ᠴᠠᠬᠠᠷ ᠨᠠᠢᠮᠠᠨ ᠬᠤᠰᠢᠭᠤ ᠶᠢ ᠴᠠᠬᠠᠷ ᠮᠤᠵᠢ ᠳᠤ ᠬᠠᠮᠢᠶᠠᠷᠤᠭᠤᠯᠵᠡᠢ᠃1935 ᠤᠨ ᠳᠤ ᠴᠠᠬᠠᠷ ᠪᠠᠷᠠᠭᠤᠨ ᠭᠠᠷᠤᠨ ᠲᠦᠷᠪᠡᠨ ᠬᠤᠰᠢᠭᠤ ᠶᠢ ᠰᠦᠢᠶᠤᠸᠠᠨ ᠮᠤᠵᠢ ᠳᠤ ᠬᠠᠷᠢᠶᠠᠯᠠᠭᠤᠯᠵᠤ᠂ ᠲᠡᠤᠬᠡᠨ ᠳᠤ ︽ ᠰᠦᠢᠶᠤᠸᠠᠨ ᠤ ᠵᠡᠭᠦᠨ ᠲᠦᠷᠪᠡᠨ ᠬᠤᠰᠢᠭᠤ︾ ᠭᠡᠳᠡᠭ᠃        1936 ᠤᠨ ᠤ 1 ᠰᠠᠷ᠎ᠠ ᠶᠢᠨ 22᠎ ᠤ ᠡᠳᠤᠷ᠂ ᠴᠠᠬᠠᠷ ᠠᠶᠢᠮᠠᠭ ᠤᠨ ᠵᠠᠬᠢᠷᠭ᠎ᠠ ᠪᠠᠶᠢᠭᠤᠯᠤᠭᠳᠠᠪᠠ᠃1937 ᠤᠨ ᠤ10 ᠰᠠᠷ᠎ᠠ ᠳᠤ ︽ ᠮᠤᠩᠭᠤᠯ ᠤᠨ ᠬᠤᠯᠪᠦᠭᠠᠲᠤ ᠦᠪᠡᠷᠳᠡᠭᠡᠨ ᠵᠠᠰᠠᠬᠤ ᠵᠠᠰᠠᠭ ᠤᠨ ᠤᠷᠳᠤᠨ︾ ᠪᠠᠶᠢᠭᠤᠯᠤᠭᠳᠠᠭᠰᠠᠨ ᠤ ᠳᠠᠷᠠᠭ᠎ᠠ᠂  ᠴᠠᠬᠠᠷ ᠵᠡᠭᠦᠨ ᠭᠠᠷᠤᠨ ᠲᠦᠷᠪᠡᠨ ᠬᠤᠰᠢᠭᠤ ᠵᠢᠴᠢ ᠱᠠᠨᠲᠤ ᠬᠤᠰᠢᠭᠤ᠂ ᠮᠢᠩᠭᠠᠨ ᠬᠤᠰᠢᠭᠤ᠂ ᠲᠠᠶᠢᠪᠦᠰᠧ ᠵᠡᠭᠦᠨ ᠭᠠᠷᠤᠨ ᠬᠤᠰᠢᠭᠤ᠂ ᠲᠠᠶᠢᠪᠦᠰᠧ ᠪᠠᠷᠠᠭᠤᠨ ᠭᠠᠷᠤᠨ ᠬᠤᠰᠢᠭᠤ ᠶᠢ ᠴᠠᠬᠠᠷ ᠠᠶᠢᠮᠠᠭ ᠲᠤ ᠬᠠᠷᠢᠶᠠᠯᠠᠭᠤᠯᠵᠤ᠂ ᠰᠦᠢᠶᠤᠸᠠᠨ ᠤ ᠵᠡᠭᠦᠨ ᠲᠦᠷᠪᠡᠨ ᠬᠤᠰᠢᠭᠤ ᠶᠢ ᠪᠠᠶᠠᠨᠲᠠᠯ᠎ᠠ ᠠᠶᠢᠮᠠᠭ ᠳᠤ ᠬᠠᠷᠢᠶᠠᠯᠠᠭᠤᠯᠵᠡᠢ᠃1945 ᠤᠨ ᠳᠤ ᠶᠠᠫᠦᠨ ᠪᠠᠭᠤᠵᠤ ᠦᠭᠭᠦᠭᠰᠡᠨ ᠤ ᠳᠠᠷᠠᠭ᠎ᠠ ᠪᠠᠶᠠᠨᠲᠠᠯ᠎ᠠ ᠠᠶᠢᠮᠠᠭ ᠢ ᠦᠭᠡᠢ ᠪᠤᠯᠭᠠᠪᠠ᠃        1947 ᠤᠨ ᠤ 5 ᠰᠠᠷ᠎ᠠ ᠶᠢᠨ1᠎ ᠳᠤ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠵᠤ᠂ ᠴᠠᠬᠠᠷ ᠪᠠᠷᠠᠭᠤᠨ ᠭᠠᠷᠤᠨ ᠳᠦᠷᠪᠡᠨ ᠬᠤᠰᠢᠭᠤ ᠶᠢ ᠰᠦᠢᠶᠤᠸᠠᠨ ᠮᠤᠵᠢ ᠶᠢᠨ ᠵᠡᠭᠦᠨ ᠳᠦᠷᠪᠡᠨ ᠬᠤᠰᠢᠭᠤᠨ ᠤ ᠬᠡᠷᠡᠭ ᠡᠷᠬᠢᠯᠡᠬᠦ ᠭᠠᠵᠠᠷ ᠲᠤ ᠬᠠᠮᠢᠶᠠᠷᠠᠭᠤᠯᠪᠠ᠃1950 ᠤᠨ ᠤ 1 ᠰᠠᠷ᠎ᠠ ᠶᠢᠨ 20᠎ ᠤ ᠡᠳᠤᠷ ᠰᠦᠢᠶᠤᠸᠠᠨ ᠮᠤᠵᠢ ᠶᠢᠨ ᠠᠷᠠᠳ ᠤᠨ ᠵᠠᠰᠠᠭ ᠤᠨ ᠤᠷᠳᠤᠨ ᠠᠴᠠ ᠵᠡᠭᠦᠨ ᠳᠦᠷᠪᠡᠨ ᠬᠤᠰᠢᠭᠤᠨ ᠤ ᠬᠡᠷᠡᠭ ᠡᠷᠬᠢᠯᠡᠬᠦ ᠭᠠᠵᠠᠷ ᠢ ᠦᠭᠡᠢ ᠪᠤᠯᠭᠠᠵᠤ᠂ ᠲᠦᠪ ᠬᠤᠰᠢᠭᠤᠨ ᠤ ᠳᠦᠷᠢᠮ ᠢ ᠬᠡᠷᠡᠭᠵᠢᠭᠦᠯᠦᠨ᠂ ᠭᠦᠯᠦ ᠤᠯᠠᠭᠠᠨ ᠬᠤᠰᠢᠭᠤ ᠪᠠᠷ ᠲᠢᠪ ᠬᠤᠰᠢᠭᠤ ᠪᠤᠯᠭᠠᠨ᠂ ᠮᠤᠵᠢ ᠶᠢᠨ ᠵᠠᠰᠠᠭ ᠤᠨ ᠤᠷᠳᠤᠨ ᠠᠴᠠ ᠤᠳᠤᠷᠢᠳᠤᠭᠤᠯᠪᠠ᠃         1952 ᠤᠨ ᠳᠤ ᠴᠠᠬᠠᠷ ᠮᠤᠵᠢ ᠶᠢ ᠦᠭᠡᠢ ᠪᠤᠯᠭᠠᠪᠠ᠂1954 ᠤᠨ ᠤ 3 ᠰᠠᠷ᠎ᠠ ᠶᠢᠨ 19᠎ ᠳᠤ᠂ ᠰᠦᠢᠶᠤᠸᠠᠨ ᠮᠤᠵᠢ ᠪᠠ  ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠢ ᠬᠠᠮᠲᠤᠷᠠᠭᠤᠯᠤᠭᠠᠳ᠂ ᠰᠦᠢᠶᠤᠸᠠᠨ ᠮᠤᠵᠢ ᠶᠢ ᠦᠭᠡᠢ ᠪᠤᠯᠭᠠᠪᠠ᠃ ᠲᠤᠰ ᠰᠠᠷ᠎ᠠ ᠳᠤ᠂ ᠵᠡᠭᠦᠨ ᠳᠦᠷᠪᠡᠨ ᠬᠤᠰᠢᠭᠤᠨ ᠤ ᠲᠦᠪ ᠬᠤᠰᠢᠭᠤ ᠶᠢ ᠦᠭᠡᠢ ᠪᠤᠯᠭᠠᠵᠤ᠂ ᠴᠠᠬᠠᠷ ᠪᠠᠷᠠᠭᠤᠨ ᠭᠠᠷ ᠡᠮᠤᠨᠡᠳᠤ ᠬᠤᠰᠢᠭᠤ᠂ ᠴᠠᠬᠠᠷ ᠪᠠᠷᠠᠭᠤᠨ ᠭᠠᠷᠤᠨ ᠳᠤᠮᠳᠠ ᠬᠤᠰᠢᠭᠤ᠂ ᠴᠠᠬᠠᠷ ᠪᠠᠷᠠᠭᠤᠨ ᠬᠤᠶᠢᠲᠤ ᠬᠤᠰᠢᠭᠤ ᠶᠢ ᠪᠠᠶᠢᠭᠤᠯᠵᠡᠢ᠃1958 ᠤᠨ ᠳᠤ ᠴᠠᠬᠠᠷ ᠠᠶᠢᠮᠠᠭ ᠢ ᠰᠢᠯᠢ ᠶᠢᠨ ᠭᠤᠤᠯ ᠠᠶᠢᠮᠠᠭ ᠲᠤ ᠪᠠᠭᠲᠠᠭᠠᠨ᠂ ᠴᠠᠬᠠᠷ ᠪᠠᠷᠠᠭᠤᠨ ᠭᠠᠷᠤᠨ ᠳᠦᠷᠪᠡᠨ ᠬᠤᠰᠢᠭᠤ ᠶᠢ ᠤᠯᠠᠭᠠᠨᠴᠠᠪ ᠠᠶᠢᠮᠠᠭ ᠲᠤ ᠪᠠᠭᠲᠠᠭᠠᠵᠠᠢ᠃
 
ᠢᠷᠡᠯᠲᠡ᠄ ᠤᠯᠠᠭᠠᠨᠴᠠᠪ ᠮᠤᠡᠭᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2