︽ᠭᠤᠷᠪᠠᠨ ᠠᠭᠤᠯᠠ ᠬᠤᠶᠠᠷ ᠭᠤᠤᠯ︾᠎ ᠤᠨ ᠦᠡᠭᠭᠡ ᠦᠵᠡᠮᠵᠢ
ᠨᠡᠶᠢᠲᠡᠯᠡᠭᠰᠡᠨ ᠴᠠᠭ᠄
2019/8/22
  ᠨᠠᠷᠠᠰᠤᠨ ᠭᠤᠤᠯ ᠤᠨ ᠠᠮᠢ ᠠᠬᠤᠢ ᠶᠢᠨ ᠴᠡᠴᠡᠷᠯᠢᠭ                ᠨᠢᠭᠡ᠂  ᠨᠠᠷᠠᠰᠤᠨ ᠭᠤᠤᠯ ᠤᠨ ᠲᠣᠪᠴᠢ ᠲᠠᠨᠢᠯᠴᠠᠭᠤᠯᠭ᠎ᠠ     ᠨᠠᠷᠠᠰᠤᠨ ᠭᠤᠤᠯ ᠤᠨ ᠠᠮᠢ ᠠᠬᠤᠢ ᠶᠢᠨ ᠴᠡᠴᠡᠷᠯᠢᠭ ᠢ 2010᠎ ᠤᠨ 9 ᠰᠠᠷ᠎ᠠ ᠳᠤ ᠪᠠᠷᠢᠯᠭ᠎ᠠ ᠡᠬᠢᠯᠡᠭᠦᠯᠦᠨ ᠪᠦᠲᠦᠭᠡᠨ ᠪᠠᠶᠢᠭᠤᠯᠵᠤ᠂ 2013᠎ ᠤᠨ ᠵᠢᠯ ᠤᠨ ᠡᠴᠦᠰ ᠲᠤ ᠪᠦᠬᠦᠨ ᠢ ᠪᠠᠷᠢᠯᠭ᠎ᠠ ᠳᠠᠭᠤᠰᠬᠠᠵᠤ᠂ ᠡᠨᠡ ᠬᠤᠭᠤᠴᠠᠭᠠᠨ ᠳᠤ ᠨᠠᠷᠠᠰᠤᠨ ᠭᠤᠤᠯ ᠤᠨ ᠵᠢᠨᠢᠩ ᠢᠶᠠᠷ ᠥᠩᠭᠡᠷᠡᠬᠦ 22 ᠺᠢᠯᠣᠮᠧᠲᠷ ᠤᠨ ᠰᠠᠪᠠ ᠭᠠᠵᠠᠷ ᠢ ᠪᠦᠬᠦ ᠲᠠᠯ᠎ᠠ ᠪᠠᠷ ᠶᠡᠷᠦᠩᠬᠡᠶᠢᠯᠡᠨ ᠵᠠᠰᠠᠪᠠ᠃ ᠤᠳᠤ ᠪᠠᠶᠢᠭ᠎ᠠ ᠤᠰᠤᠨ ᠣᠷᠣᠨ ᠤ ᠲᠠᠯᠠᠪᠠᠢ 113 ᠲᠦᠮᠡᠨ ᠲᠡᠭᠰᠢ ᠳᠥᠷᠪᠡᠯᠵᠢᠨ ᠮᠧᠲᠷ᠂ ᠶᠡᠷᠦᠩᠬᠡᠶ ᠤᠰᠤ ᠬᠠᠳᠠᠭᠠᠯᠠᠬᠤ ᠬᠡᠮᠵᠢᠶ᠎ᠡ 830 ᠲᠦᠮᠡᠨ ᠪᠣᠰᠤᠭ᠎ᠠ ᠳᠥᠷᠪᠡᠯᠵᠢᠨ ᠮᠧᠲᠷ ᠪᠠᠶᠢᠵᠤ᠂ ᠠᠷᠠᠳ ᠣᠯᠠᠨ ᠤ ᠪᠡᠶ᠎ᠡ ᠴᠢᠭᠢᠷᠠᠭᠵᠢᠭᠤᠯᠬᠤ᠂ ᠰᠡᠯᠡᠭᠦᠴᠡᠬᠦ᠂ ᠵᠤᠭ᠎ᠠ ᠴᠡᠩᠭᠡᠯ ᠤᠨ ᠴᠢᠬᠤᠯᠠ ᠲᠠᠯᠠᠪᠤᠷ ᠭᠠᠵᠠᠷ ᠤᠨ ᠨᠢᠭᠡ ᠪᠣᠯᠤᠨ᠎ᠠ᠃     ᠨᠠᠷᠠᠰᠤᠨ ᠭᠤᠤᠯ ᠤᠨ ᠠᠮᠢ ᠠᠬᠤᠢ ᠶᠢᠨ ᠴᠡᠴᠡᠷᠯᠢᠭ ᠪᠣᠯ ᠵᠢᠨᠢᠩ ᠲᠣᠭᠤᠷᠢᠭ ᠤᠨ ᠤᠰᠤᠨ ᠠᠰᠢᠭᠯᠠᠯᠲᠠ ᠶᠢᠨ ᠪᠦᠲᠦᠭᠡᠨ ᠪᠠᠶᠢᠭᠤᠯᠤᠯᠲᠠ ᠶᠢᠨ ᠬᠠᠮᠤᠭ ᠤᠨ ᠶᠡᠭᠡ ᠢᠨᠵᠧᠨᠧᠷᠢᠩ ᠪᠣᠯᠤᠨ᠎ᠠ᠂ ᠮᠥᠨ ᠴᠦ ᠠᠮᠢ ᠠᠬᠤᠢ ᠶᠢᠨ ᠣᠷᠴᠢᠨ ᠲᠣᠭᠤᠷᠢᠨ  ᠎ ᠢ ᠰᠠᠶᠢᠵᠢᠷᠠᠭᠤᠯᠬᠤ᠂  ᠠᠷᠠᠳ‌ᠣᠯᠠᠨ ᠳᠤ ᠠᠰᠢᠭ ᠬᠦᠷᠲᠡᠭᠡᠬᠦ ᠢᠨᠵᠧᠨᠧᠷᠢᠩ ᠪᠣᠯᠤᠨ᠎ᠠ᠃ ᠢᠨᠵᠧᠨᠧᠷᠢᠩ ᠢ ᠭᠤᠤᠯ ᠤᠨ ᠵᠠᠮ᠂ ᠨᠣᠭᠤᠭᠠᠷᠠᠭᠤᠯᠤᠯᠲᠠ᠂ ᠠᠭᠤᠳᠠᠮ ᠲᠠᠯᠠᠪᠠᠢ ᠵᠢᠴᠢ ᠵᠠᠰᠠᠮᠠᠯ ᠵᠠᠮ ᠵᠡᠷᠭᠡ ᠳᠥᠷᠪᠡᠨ ᠶᠡᠭᠡ ᠬᠡᠰᠡᠭ ᠲᠤ ᠬᠤᠪᠢᠶᠠᠨ᠎ᠠ᠃ ᠭᠤᠤᠯ ᠤᠨ ᠵᠠᠮ ᠢ ᠵᠠᠰᠠᠬᠤ ᠳᠤ ᠤᠰᠤᠨ ᠴᠥᠭᠦᠷᠥᠮ ᠤᠨ ᠬᠠᠰᠢᠯᠭ᠎ᠠ ᠵᠢᠴᠢ ᠭᠤᠤᠯ ᠤᠨ ᠬᠠᠰᠢᠯᠭ᠎ᠠ 9  ᠪᠠᠶᠢᠭᠤᠯᠵᠤ᠂ ᠤᠰᠤᠨ ᠴᠥᠭᠦᠷᠥᠮ ᠤᠨ ᠬᠠᠰᠢᠯᠭ᠎ᠠ ᠠᠴᠠ  ᠂ ᠪᠡᠭᠡᠵᠢᠩ ᠠᠴᠠ ᠲᠥᠪᠡᠳ ᠬᠦᠷᠬᠦ ᠥᠨᠳᠥᠷ ᠬᠤᠷᠳᠤᠴᠠᠲᠤ ᠵᠠᠰᠠᠮᠠᠯ ᠵᠠᠮ ᠤᠨ ᠬᠡᠰᠡᠭ ᠲᠤ ᠨᠢᠭᠡᠨᠲᠡ 300 ᠲᠦᠮᠡᠨ ᠲᠡᠭᠰᠢ ᠳᠥᠷᠪᠡᠯᠵᠢᠨ ᠮᠧᠲᠷ ᠤᠰᠤ ᠬᠠᠳᠠᠭᠠᠯᠠᠵᠤ ᠪᠠᠶᠢᠨ᠎ᠠ᠃ ᠤᠰᠤᠨ ᠣᠷᠣᠨ ᠤ ᠨᠣᠭᠤᠭᠠᠷᠠᠭᠤᠯᠤᠯᠲᠠ ᠶᠢᠨ ᠦᠵᠡᠮᠵᠢ ᠶᠢᠨ ᠪᠦᠰᠡ ᠶᠢᠨ ᠤᠷᠲᠤ ᠨᠢ 14 ᠺᠢᠯᠣᠮᠧᠲᠷ᠂ ᠥᠷᠭᠡᠨ ᠨᠢ ᠪᠠᠷᠤᠭ 1 ᠺᠢᠯᠣᠮᠧᠲᠷ᠂ ᠨᠣᠭᠤᠭᠠᠷᠠᠭᠤᠯᠤᠯᠲᠠ ᠶᠢᠨ ᠲᠠᠯᠠᠪᠠᠢ ᠨᠢ ᠪᠠᠷᠤᠭ ᠲᠦᠮᠡᠨ ᠲᠡᠭᠰᠢ ᠳᠥᠷᠪᠡᠯᠵᠢᠨ ᠮᠧᠲᠷ ᠪᠠᠶᠢᠵᠤ᠂ 220 ᠲᠦᠮᠡᠨ ᠮᠥᠩᠬᠡ ᠨᠣᠭᠤᠭᠠᠨ ᠮᠣᠳᠣ ᠲᠠᠷᠢᠵᠤ᠂ 9.4 ᠲᠦᠮᠡᠨ ᠰᠠᠭᠤᠷᠢ ᠨᠠᠪᠴᠢ ᠵᠤᠯᠭᠠᠷᠠᠬᠤ ᠮᠤᠳᠤ᠂ 645 ᠲᠦᠮᠡᠨ ᠰᠠᠭᠤᠷᠢ ᠴᠡᠴᠡᠭ ᠪᠣᠳᠠ ᠮᠣᠳᠣ ᠲᠠᠷᠢᠪᠠ  ᠃ ᠰᠢᠨ᠎ᠡ ᠪᠠᠷ ᠪᠠᠶᠢᠭᠤᠯᠤᠭᠰᠠᠨ  ᠠᠭᠤᠳᠠᠮ ᠲᠠᠯᠠᠪᠠᠢ 12 ᠪᠠᠶᠢᠵᠤ᠂ ᠭᠤᠤᠯᠳᠠᠯᠭ᠎ᠠ ᠲᠠᠢ ᠠᠭᠤᠳᠠᠮ ᠲᠠᠯᠠᠪᠠᠢ ᠎ ᠨᠢ ᠨᠠᠷᠠᠰᠤᠨ ᠭᠤᠤᠯ ᠤᠨ ᠰᠠᠯᠡᠭᠦᠴᠡᠯ ᠤᠨ ᠬᠦᠷᠢᠶᠡᠯᠡᠩ᠂ ᠵᠢᠩ ᠵᠧᠤ ᠵᠠᠮ ᠤᠨ ᠠᠭᠤᠳᠠᠮ ᠲᠠᠯᠠᠪᠠᠢ᠂ ᠬᠤᠪᠢᠯᠭᠠᠨ ᠣᠩᠭᠤᠴᠠ ᠠᠭᠤᠳᠠᠮ ᠲᠠᠯᠠᠪᠠᠢ᠂ ᠬᠦᠷᠬᠢᠷ᠎ᠡ ᠠᠭᠤᠳᠠᠮ ᠲᠠᠯᠠᠪᠠᠢ ᠵᠡᠷᠭᠡ  ᠎ ᠶᠢ ᠪᠠᠭᠳᠠᠭᠠᠨ᠎ᠠ᠃ ᠭᠤᠣᠯ ᠳᠠᠭᠠᠤ ᠵᠠᠮ ᠤᠨ ᠪᠦᠲᠦᠭᠡᠨ ᠪᠠᠶᠢᠭᠤᠯᠤᠯᠲᠠ ᠶᠢ 32 ᠺᠢᠯᠤᠮᠧᠲᠷ ᠣᠷᠴᠢᠮ ᠪᠡᠶᠡᠯᠡᠭᠦᠯᠪᠡ᠃ ᠴᠡᠴᠡᠷᠯᠢᠭ ᠤᠨ ᠴᠢᠳᠠᠮᠵᠢ ᠶᠢ ᠭᠤᠷᠪᠠᠨ ᠬᠡᠰᠡᠭ ᠬᠤᠪᠢᠶᠠᠵᠤ᠂  ᠳᠡᠭᠡᠳᠦ ᠤᠷᠤᠰᠬᠠᠯ ᠤᠨ ᠬᠤᠶᠠᠷ ᠡᠷᠭᠢ ᠶᠢᠨ ᠶᠡᠬᠡᠩᠬᠢ ᠬᠡᠰᠡᠭ ᠨᠢ ᠦᠨᠳᠦᠰᠦᠨ ᠎ ᠳᠡᠭᠡᠨ ᠲᠠᠷᠢᠶᠠᠨ ᠭᠠᠵᠠᠷ ᠪᠠᠶᠢᠵᠤ᠂ ᠠᠮᠢ ᠠᠬᠤᠢ ᠶᠢᠨ ᠲᠣᠭᠤᠷᠢᠨ ᠦᠵᠡᠬᠦ ᠶᠢ ᠪᠡᠶᠡᠴᠢᠯᠡᠨ ᠣᠶᠢᠯᠠᠭᠠᠬᠤ ᠣᠷᠣᠨ ᠪᠣᠯᠤᠨ᠎ᠠ  ᠃ ᠳᠤᠮᠳᠠ ᠤᠷᠤᠰᠬᠠᠯ ᠤᠨ ᠬᠡᠰᠡᠭ ᠨᠢ ᠬᠤᠲᠠ ᠶᠢᠨ ᠲᠥᠯᠥᠪᠵᠢᠭᠦᠯᠭᠡ ᠶᠢᠨ ᠲᠣᠭᠤᠷᠢᠭ ᠤᠨ ᠳᠣᠲᠣᠷ᠎ᠠ ᠪᠠᠶᠢᠵᠤ᠂ ᠬᠤᠲᠠ ᠶᠢᠨ  ᠰᠠᠭᠤᠭᠠᠯᠢ ᠠᠷᠠᠳ ᠤᠨ ᠰᠣᠶᠣᠯ ᠤᠨ ᠦᠵᠡᠮᠵᠢ ᠶᠢᠨ ᠣᠷᠣᠨ ᠪᠣᠯᠤᠨ᠎ᠠ  ᠃ ᠳᠣᠣᠷᠠᠳᠤ ᠤᠷᠤᠰᠬᠠᠯ ᠤᠨ ᠬᠡᠰᠡᠭ ᠤᠨ ᠬᠤᠶᠠᠷ ᠡᠷᠭᠢ ᠶᠢᠨ ᠭᠠᠵᠠᠷ ᠤᠨ ᠪᠠᠶᠢᠴᠠ᠂ ᠭᠤᠤᠯ ᠤᠨ ᠵᠠᠮ ᠨᠡᠯᠢᠶᠡᠳ ᠮᠠᠭᠤ ᠪᠠᠶᠢᠵᠤ᠂ ᠠᠮᠢ ᠠᠬᠤᠢ ᠶᠢᠨ ᠨᠤᠭᠤ ᠭᠠᠵᠠᠷ ᠢ ᠰᠡᠷᠭᠦᠭᠡᠬᠦ ᠣᠷᠣᠨ ᠪᠣᠯᠤᠨ᠎ᠠ᠃ ᠴᠡᠴᠡᠷᠯᠢᠭ ᠨᠢ ᠭᠠᠵᠠᠷ ᠣᠷᠣᠨ ᠤ  ᠠᠭᠤᠷ ᠠᠮᠢᠰᠬᠤᠯ ᠢ ᠰᠠᠶᠢᠵᠢᠷᠠᠭᠤᠯᠬᠤ᠂ ᠤᠰᠤᠨ ᠤ ᠡᠬᠢ ᠪᠠᠶᠠᠯᠢᠭ ᠳᠤᠲᠠᠭᠳᠠᠵᠤ ᠪᠠᠶᠢᠭ᠎ᠠ ᠪᠠᠶᠢᠳᠠᠯ ᠢ ᠨᠠᠮᠳᠠᠭᠤᠯᠬᠤ᠂ ᠬᠤᠲᠠ ᠬᠥᠳᠡᠭᠡ ᠶᠢᠨ ᠣᠷᠣᠰᠢᠨ ᠰᠠᠭᠤᠬᠤ ᠪᠠ ᠠᠮᠢ ᠠᠬᠤᠢ ᠶᠢᠨ ᠣᠷᠴᠢᠨ ᠲᠣᠭᠤᠷᠢᠨ ᠢ ᠰᠠᠶᠢᠵᠢᠷᠠᠭᠤᠯᠬᠤ᠂ ᠬᠤᠲᠠ ᠶᠢᠨ ᠴᠢᠨᠠᠷ ᠳᠡᠰ ᠢ ᠳᠡᠭᠡᠭᠰᠢᠯᠡᠭᠦᠯᠬᠦ ᠵᠡᠷᠭᠡ ᠳᠤ ᠴᠢᠬᠤᠯᠠ ᠦᠶᠯᠡᠳᠦᠯ ᠦᠵᠡᠭᠦᠯᠪᠡ᠃ ᠵᠤᠨ ᠤ ᠤᠯᠠᠷᠢᠯ ᠤᠨ ᠵᠤᠭᠠᠴᠠᠯ ᠤᠨ ᠬᠦᠭᠵᠢᠶᠡᠨᠳᠡᠢ ᠬᠤᠭᠤᠴᠠᠭᠠᠨ ᠳᠤ ᠴᠡᠴᠡᠷᠯᠢᠭ ᠎ ᠨᠢ ᠣᠷᠣᠨ ᠤ ᠳᠣᠲᠣᠨ᠎ᠠ ᠭᠠᠳᠠᠨᠠᠬᠢ ᠬᠤᠲᠠ ᠡᠭᠦᠳᠬᠦ ᠪᠦᠯᠬᠦᠮ ᠤᠨ 160 ᠭᠠᠷᠤᠶ ᠪᠦᠯᠬᠦᠮ ᠤᠳᠠᠭ᠎ᠠ ᠶᠢ ᠬᠦᠯᠢᠶᠡᠨ ᠠᠪᠴᠤ᠂ ᠪᠦᠬᠦ ᠤᠯᠤᠰ ᠤᠨ ᠪᠣᠯᠪᠠᠰᠤᠨ ᠬᠤᠲᠠ ᠪᠣᠯᠤᠨ ᠤᠯᠤᠰ ᠤᠨ ᠴᠡᠴᠡᠷᠯᠢᠭ ᠬᠤᠲᠠ ᠶᠢ  ᠪᠦᠳᠦᠭᠡᠨ ᠪᠠᠶᠢᠭᠤᠯᠵᠤ ᠰᠢᠯᠭᠠᠷᠠᠭᠤᠯᠬᠤ ᠶᠠᠪᠤᠴᠠ ᠳᠤ᠂ ᠴᠡᠴᠡᠷᠯᠢᠭ  ᠎ ᠨᠢ  ᠵᠢᠨᠢᠩ ᠲᠣᠭᠤᠷᠢᠭ ᠤᠨ ᠰᠢᠨ᠎ᠡ ᠳᠦᠷᠢ ᠲᠥᠷᠬᠦ ᠪᠣᠯᠤᠨ ᠬᠤᠲᠠ  ᠰᠢᠨ᠎ᠡ‌ᠬᠤᠪᠢᠷᠠᠯᠲᠠ ᠶᠢ ᠤᠬᠠᠭᠤᠯᠤᠨ ᠦᠵᠡᠭᠦᠯᠵᠡᠶ᠃      ᠬᠤᠶᠠᠷ᠂ ᠲᠡᠤᠬᠡᠨ ᠳᠣᠮᠤᠭ      ︵ᠨᠢᠭᠡ︶ ᠵᠢᠨᠢᠩ ᠲᠣᠭᠤᠷᠢᠭ ᠤᠨ ᠬᠤᠶᠢᠲᠤ ᠳᠡᠭᠦᠷᠭᠡ ᠳᠤ ᠨᠢᠭᠡᠨ ᠤᠯᠡᠷᠢᠯ ᠤᠨ ᠭᠤᠤᠯ ᠪᠠᠶᠢᠳᠠᠭ᠂ ᠬᠥᠮᠦᠰ ︽ᠨᠠᠷᠠᠰᠤᠨ︾ ᠭᠤᠤᠯ ᠭᠡᠵᠦ᠂ ᠬᠤᠵᠢᠮ ᠤᠨ ᠬᠥᠮᠦᠰ ᠪᠠᠰᠠ ︽ᠪᠠ ᠸᠠᠩ ᠾᠧ ᠭᠤᠤᠯ︾ ᠭᠡᠳᠡᠭ᠃      ᠨᠠᠷᠠᠰᠤᠨ ᠭᠤᠤᠯ ᠤᠨ ᠡᠬᠢᠨ ᠳᠤ  ᠨᠢᠭᠡᠨ ᠨᠠᠷᠠᠰᠤᠨ ᠪᠤᠯᠠᠭ ᠪᠠᠶᠢᠳᠠᠭ᠃   ᠬᠠᠵᠠᠭᠤᠳᠠᠬᠢ ᠨᠢᠭᠡ ᠲᠣᠰᠬᠤᠨ ᠎ ᠢ ︽ᠭᠤᠸᠠᠨ ᠵᠢᠶᠠ ᠪᠠ︾ ᠭᠡᠳᠡᠭ᠃ ᠨᠥᠭᠦᠭᠡ ᠨᠢᠭᠡ ᠡᠬᠢ ︽ᠷᠠᠰᠢᠶᠠᠨ ᠪᠤᠯᠠᠭ︾᠎  ᠪᠠᠶᠢᠵᠦ᠂ ᠸᠠᠩ ᠭᠠᠶ ᠠᠩ ᠰᠦᠷᠦᠭ ︵ᠮᠣᠩᠭᠤᠯ ᠦᠭᠡ᠂ ᠸᠠᠩ ᠨᠣᠶᠠᠨ ᠤ ᠮᠠᠯ ᠰᠦᠷᠦᠭ ᠭᠡᠰᠡᠨ ᠤᠳᠬ᠎ᠠ ᠲᠠᠢ︶᠎ ᠠᠴᠠ ᠡᠭᠦᠰᠦᠯ ᠲᠠᠢ᠂ ᠣᠳᠣ ᠶᠢᠨ ᠴᠠᠬᠠᠷ ᠪᠠᠷᠠᠭᠤᠨ ᠭᠠᠷᠤᠨ  ᠡᠮᠦᠨᠡᠳᠦ  ᠬᠤᠰᠢᠭᠤᠨ ᠤ ᠰᠠᠨ ᠴᠠ ᠺᠸᠦ ᠰᠢᠶᠠᠩ ᠤᠨ ᠷᠠᠰᠢᠶᠠᠨ ᠬᠤᠸᠠᠷᠠᠨ ᠳᠤ ᠪᠠᠶᠢᠵᠠᠶ᠃      ᠠᠯᠢ ᠡᠷᠲᠡ ᠴᠢᠩ ᠤᠯᠤᠰ ᠤᠨ ᠲᠩᠷᠢ ᠲᠡᠳᠬᠦᠭᠴᠢ ᠶᠢᠨ ᠦᠶ᠎ᠡ ᠳᠤ᠂ ᠴᠢᠩ ᠤᠯᠤᠰ ᠤᠨ ᠵᠠᠰᠠᠭ ᠤᠨ ᠭᠠᠵᠠᠷ ᠬᠢᠯᠢ ᠬᠢᠵᠠᠭᠠᠷ ᠢᠶᠠᠨ ᠪᠠᠬᠢᠵᠢᠭᠦᠯᠵᠦ᠂ ᠲᠠᠯ᠎ᠠ ᠨᠤᠲᠤᠭ ᠤᠨ ᠨᠡᠭᠦᠳᠡᠯᠯᠡᠨ ᠮᠠᠯᠵᠢᠬᠤ ᠵᠠᠩ ᠳᠠᠳᠬᠠᠯ ᠢᠶᠠᠨ ᠥᠭᠡᠷᠡᠴᠢᠯᠡᠵᠦ᠂ ︽ᠬᠢᠯᠢ ᠬᠢᠵᠠᠭᠠᠷ ᠢ ᠬᠠᠭᠠᠯᠪᠤᠷᠢᠯᠠᠨ ᠰᠢᠨᠵᠢᠶᠠᠩ ᠢ ᠪᠠᠬᠢᠵᠢᠭᠦᠯᠬᠦ︾ ᠲᠥᠷᠦ ᠶᠢᠨ ᠪᠣᠳᠣᠯᠭ᠎ᠠ ᠶᠢ ᠬᠡᠷᠡᠭᠵᠢᠭᠦᠯᠵᠦ᠂ ᠶᠡᠭᠡ ᠬᠡᠮᠵᠢᠶᠡᠨ ᠤ ᠬᠢᠲᠠᠳ ᠠᠷᠠᠳ ᠲᠠᠯ᠎ᠠ ᠨᠤᠲᠤᠭ ᠲᠤ ᠣᠷᠣᠵᠤ ᠠᠲᠠᠷ ᠬᠠᠭᠠᠯᠪᠤᠷᠢᠯᠠᠨ  ᠂ ᠠᠳᠡ ᠰᠢᠨ᠎ᠡ ᠲᠣᠰᠬᠤᠨ ᠪᠣᠯᠵᠤ ᠪᠦᠷᠢᠯᠳᠦᠨ᠂ ᠨᠢᠳᠦᠨ ᠡᠮᠦᠨᠡᠬᠢ ᠡᠨᠡ ᠬᠦ ᠭᠤᠤᠯ ᠨᠢ ᠶᠠᠮᠠᠷ ᠨᠡᠷ᠎ᠡ ᠪᠣᠯᠬᠤ ᠲᠤᠬᠠᠶ ᠬᠥᠮᠦᠰ ᠶᠠᠷᠢᠯᠴᠠᠵᠤ᠂ ᠬᠠᠮᠤᠭ ᠰᠡᠭᠦᠯ ᠳᠤ ᠨᠢ ︽ᠭᠤᠸᠠᠨ ᠵᠢᠶᠠ ᠪᠠ︾ ᠭᠡᠳᠡᠭ᠃  ᠬᠤᠵᠢᠮ ᠨᠢ ᠬᠥᠮᠦᠰ ᠨᠡᠷ᠎ᠡ ᠶᠢ ᠪᠢᠴᠢᠬᠦ ᠦᠶᠡᠰ᠂ ︽ᠡᠵᠡᠷᠬᠡᠭᠴᠢ︾ ᠭᠡᠳᠡᠭ ᠢᠶᠠᠨ ᠢᠯᠡᠷᠡᠭᠦᠯᠬᠦ ᠶᠢᠨ ᠲᠥᠯᠥᠭᠡ᠂ ︽ᠬᠠᠰᠢᠯᠭ᠎ᠠ︾ ᠭᠡᠬᠦ ᠦᠰᠦᠭ ᠢᠶᠠᠷ ︽ᠡᠵᠡᠷᠬᠡᠭᠴᠢ︾ ᠭᠡᠵᠦ ᠪᠢᠴᠢᠵᠦ᠂ ︽ᠨᠠᠷᠠᠰᠤᠨ︾ ᠭᠤᠤᠯ ᠨᠢ ︽ᠪᠠ ᠸᠠᠩ ᠾᠧ︾ ᠭᠡᠬᠦ ᠨᠡᠷ᠎ᠡ ᠪᠠᠷ ᠤᠯᠠᠮᠵᠢᠯᠠᠭᠳᠠᠪᠠ  ᠃      ︵ᠬᠤᠶᠠᠷ︶      ᠵᠢᠨᠢᠩ ᠲᠣᠭᠤᠷᠢᠭ ᠤᠨ ᠬᠤᠶᠢᠲᠤ ᠳᠡᠭᠦᠷᠭᠡ ᠳᠤ ᠤᠷᠤᠰᠬᠠᠯ ᠲᠤᠩᠭᠠᠯᠠᠭ ︽ᠪᠠ ᠸᠠᠩ ᠾᠧ ᠭᠤᠤᠯ︾  ᠪᠠᠶᠢᠳᠠᠭ᠃ ᠪᠠ ᠸᠠᠩ ᠾᠧ ᠭᠤᠤᠯ ᠪᠣᠯ ᠨᠠᠷᠠᠰᠤᠨ ᠭᠤᠤᠯ ᠪᠣᠯᠤᠨ᠎ᠠ᠃ ᠭᠤᠣᠯ ᠤᠨ ᠰᠠᠪᠠ ᠨᠢ ᠤᠤᠯ ᠳ᠋ᠠᠭᠠᠨ‌ᠨᠢᠭᠡ ᠬᠡᠰᠡᠭ ᠨᠠᠷᠠᠰᠤᠨ ᠣᠢ ᠪᠠᠶᠢᠵᠠᠢ᠂ ᠨᠠᠷᠠᠰᠤᠨ ᠤᠢ ᠶᠢᠨ ᠭᠦᠨ ᠳᠤ ᠨᠢᠭᠡ ᠪᠤᠯᠠᠭ ᠲᠠᠢ᠂ ᠦᠷᠭᠦᠯᠵᠢ ᠲᠤᠭ᠎ᠠ ᠲᠣᠮᠰᠢ ᠦᠭᠡᠢ ᠣᠯᠠᠨ ᠳᠠᠭᠢᠨᠢ ᠶᠢ ᠲᠡᠳᠡᠨ ᠠᠪᠴᠢᠷᠠᠵᠤ ᠤᠬᠢᠶᠠᠯᠭ᠎ᠠ ᠬᠢᠯᠭᠡᠵᠦ᠂ ᠤᠳᠠᠭᠠᠨ ᠵᠢᠯ ᠵᠤᠵᠠᠭᠠᠨ ᠬᠤᠨᠤᠭ ᠭᠤᠣᠯ ᠤᠷᠤᠰᠤᠨ᠎ᠠ᠃ ᠠᠳᠡ ᠤᠰᠤ ᠪᠡᠯᠴᠢᠭᠡᠷ ᠡᠯᠪᠡᠭ ᠳᠡᠯᠪᠡᠭ᠂ ᠬᠥᠮᠦᠨ ᠮᠠᠯ ᠥᠨᠢᠷ ᠪᠠᠶᠠᠯᠢᠭ ᠪᠠᠶᠢᠵᠤ᠂ ᠬᠥᠮᠦᠰ ᠲᠠᠩᠰᠤᠭ ᠰᠠᠶᠢᠬᠠᠨ ᠠᠮᠢᠳᠤᠷᠠᠵᠤ ᠪᠠᠶᠢᠨ᠎ᠠ᠃ ᠭᠡᠲᠡᠯ᠎ᠡ ᠶᠠᠮᠠᠷ  ᠦᠶ᠎ᠡ ᠳᠤ ᠲᠩᠷᠢ ᠳᠡᠭᠡᠷ᠎ᠡ ᠠᠴᠠ ᠨᠢᠭᠡᠨ ᠨᠢᠭᠦᠯᠲᠦ ᠯᠣᠣ ᠤᠨᠠᠭᠰᠠᠨ ᠢ ᠪᠦᠦ ᠮᠡᠳᠡ᠂ ᠰᠣᠨᠣᠰᠤᠯᠲᠠ ᠪᠠᠷ ᠲᠡᠷᠡ ᠳᠠᠭᠢᠨᠢ ᠡᠮᠡᠭᠲᠡᠶ ᠶᠢᠨ ᠤᠬᠢᠶᠠᠯᠭ᠎ᠠ ᠶᠢ ᠬᠤᠯᠠᠭᠠᠶᠢᠯᠠᠵᠤ ᠦᠵᠡᠭᠡᠳ ᠲᠩᠷᠢ ᠶᠢᠨ ᠣᠷᠳᠣᠨ ᠠᠴᠠ ᠬᠥᠭᠡᠭᠡᠭᠳᠡᠭᠰᠡᠨ ᠭᠡᠨ᠎ᠡ᠃ ᠲᠣᠭᠤᠰᠣᠲᠤ ᠶᠢᠷᠲᠢᠨᠴᠦ ᠳᠤ ᠢᠷᠡᠭᠰᠡᠨ ᠤ ᠲᠠᠷᠠᠭ᠎ᠠ᠂ ᠲᠡᠷᠡ ᠭᠡᠮᠰᠢᠨ ᠤᠬᠠᠭᠠᠷᠠᠬᠤ ᠶᠢ ᠪᠤᠳᠤᠬᠤ ᠦᠭᠡᠢ ᠮᠥᠷᠲᠡᠭᠡᠨ ᠭᠡᠳᠡᠷᠭᠦ ᠪᠠᠨ ᠤᠯᠠᠮ ᠳᠠᠪᠠᠭᠤᠷᠠᠨ ᠠᠭᠠᠰᠢᠯᠠᠭᠠᠳ᠂ ᠡᠮᠡᠭᠲᠡᠶ ᠬᠥᠮᠦᠨ ᠲᠠᠢ ᠠᠭᠤᠯᠵᠠᠪᠠᠯ ᠬᠥᠭᠰᠢᠨ ᠡᠮᠡᠭᠡᠨ ᠴᠦ ᠪᠣᠯᠤᠭ᠂ ᠪᠢᠴᠢᠬᠠᠨ ᠥᠬᠢᠨ ᠴᠦ ᠪᠣᠯᠤᠭ᠂ ᠲᠡᠷᠡ ᠪᠦᠷ ᠡᠷᠦᠶ ᠬᠤᠷᠤᠶ ᠦᠭᠡᠢ ᠬᠥᠭᠡᠭᠡᠴᠡᠯᠳᠦᠨ᠎ᠡ᠃ ᠡᠨᠡ ᠦᠶ᠎ᠡ ᠪᠣᠯᠬᠤ ᠪᠦᠷᠢ ᠴᠥᠮ ᠭᠠᠶ ᠭᠠᠮᠰᠢᠭ ᠪᠣᠯᠵᠤ᠂  ᠬᠤᠶᠠᠷ ᠡᠷᠬᠢ ᠶᠢᠨ ᠰᠠᠭᠤᠭᠠᠯᠢ ᠠᠷᠠᠳ ᠠᠮᠢᠳᠤᠷᠠᠬᠤ ᠶᠢᠨ ᠠᠷᠭ᠎ᠠ ᠦᠭᠡᠢ ᠪᠣᠯᠳᠠᠭ᠃ ᠲᠡᠭᠦᠨ ᠤ ᠲᠥᠯᠥᠭᠡ᠂ ᠬᠥᠮᠦᠰ ᠠᠷᠠᠳ ᠤᠨ ᠳᠤᠮᠳᠠ ᠰᠠᠬᠢᠭᠤᠯᠰᠤᠨ ᠢᠶᠠᠷ ᠰᠦᠮ᠎ᠡ ᠶᠢ ᠨᠢ ᠭᠤᠶᠤᠭᠰᠠᠨ ᠪᠠᠶᠢᠨ᠎ᠠ᠃ ᠨᠢᠭᠡᠨ ᠡᠳᠦᠷ ᠨᠢᠭᠡ ᠡᠪᠦᠭᠡᠨ ᠶᠠᠭ ᠠᠭᠤᠯᠠᠨ ᠳᠤ ᠭᠠᠷᠴᠤ ᠰᠦᠮ᠎ᠡ ᠳᠤ ᠵᠠᠭᠠᠯᠳᠤᠬᠤ ᠪᠠᠷ ᠶᠠᠪᠤᠪᠠ᠃ ᠭᠡᠨᠡᠳᠲᠡ ᠨᠢᠭᠡ ᠵᠠᠯᠠᠭᠤ ᠠᠭᠤᠯᠠᠨ ᠤ ᠡᠭᠦᠳᠡᠨ ᠡᠮᠦᠨ᠎ᠡ ᠬᠤᠶᠠᠷ ᠨᠢᠳᠤᠷᠭ᠎ᠠ ᠪᠠᠨ ᠵᠠᠩᠭᠢᠳᠤᠨ ᠪᠠᠷᠰ ᠠᠯᠠᠭᠰᠠᠨ ᠢ ᠣᠯᠵᠤ ᠬᠠᠷᠠᠪᠠ᠃ ᠡᠪᠦᠭᠡᠨ ᠲᠡᠷᠡ ᠳᠣᠤᠷ᠎ᠠ ᠪᠠᠨ ᠲᠡᠭᠦᠨ ᠤ ᠬᠥᠯ ᠳᠣᠤᠷ᠎ᠠ ᠬᠦᠷᠴᠦ ᠰᠠᠭᠤᠭᠠᠯᠢ ᠠᠷᠠᠳ ᠤᠨ ᠵᠣᠪᠠᠯᠠᠩ ᠢᠶᠠᠨ ᠲᠣᠭᠠᠴᠢᠪᠠ᠃ ᠡᠨᠡ ᠬᠡᠤᠬᠡᠳ ᠶᠠᠭᠤ ᠴᠤ ᠬᠡᠯᠡᠭᠰᠡᠨ ᠦᠭᠡᠢ ᠪᠠᠷ ᠡᠪᠦᠭᠡᠨ ᠲᠡᠭᠦᠨ ᠢ ᠲᠦᠰᠢᠵᠦ ᠨᠠᠷᠠᠰᠤᠨ ᠭᠤᠤᠯ ᠤᠨ ᠬᠥᠪᠡᠭᠡᠨ ᠳᠤ ᠬᠦᠷᠴᠦ ᠢᠷᠡᠭᠡᠳ᠂ ᠴᠠᠭ ᠲᠣᠬᠢᠶᠠᠯ ᠢ ᠦᠵᠡᠵᠦ᠂ ᠰᠠᠯᠬᠢ ᠳᠠᠪᠠᠯᠭᠠᠨ ᠢ ᠵᠦᠰᠦᠨ ᠨᠢᠭᠡ ᠯᠡ ᠳᠡᠭᠡᠷ᠎ᠡ ᠨᠢᠭᠦᠯᠲᠦ ᠯᠣᠤ ᠶᠢ ᠪᠠᠷᠢᠵᠤ ᠠᠪᠤᠪᠠ᠃ ᠬᠥᠮᠦᠰ ᠡᠨᠡ  ᠬᠡᠤᠬᠡᠳ ᠤᠨ ᠠᠴᠢ ᠡᠨᠡᠷᠢᠯ ᠳᠤ ᠲᠠᠯᠠᠷᠬᠠᠵᠤ ᠲᠡᠭᠦᠨ ᠢ ᠣᠪᠣᠭ ᠨᠡᠷ᠎ᠡ ᠪᠠᠨ  ᠦᠯᠡᠳᠡᠭᠡᠬᠦ ᠶᠢ ᠬᠦᠰᠡᠪᠡ᠃ ᠲᠡᠷᠡ᠄ ︽ᠪᠢ ᠪᠣᠯ ᠬᠥᠮᠦᠨ ᠤ ᠭᠤᠷᠪᠠᠨ ᠬᠤᠣᠷ ᠤᠨ ᠨᠢᠭᠡ  ᠎ ᠶᠢ ᠠᠷᠢᠯᠭᠠᠭᠴᠢ ᠪᠢᠴᠢᠬᠠᠨ ᠡᠵᠡᠷᠬᠡᠭᠴᠢ ᠮᠥᠨ᠃ ᠡᠭᠦᠨ ᠠᠴᠠ ᠡᠬᠢᠯᠡᠭᠡᠳ ᠬᠥᠮᠦᠰ ᠲᠡᠭᠦᠨ ᠢ ᠳᠤᠷᠠᠰᠬᠠᠬᠤ ᠶᠢᠨ ᠲᠥᠯᠥᠭᠡ ᠡᠨᠡ ᠭᠤᠤᠯ ᠢ ᠪᠠ ᠸᠠᠩ ᠭᠤᠤᠯ ᠭᠡᠳᠡᠭ ᠪᠣᠯᠪᠠ᠃        ᠲᠡᠷᠭᠡᠨ ᠳᠤ ᠰᠠᠭᠤᠬᠤ ᠵᠠᠮ ᠱᠤᠭᠤᠮ᠄ ᠬᠤᠲᠠ ᠶᠢᠨ 2 ᠳ᠋ᠤᠭᠠᠷ ᠵᠠᠮ ‍ᠤᠨ‌ᠨᠡᠶᠢᠳᠡ ᠶᠢᠨ ᠮᠠᠰᠢᠨ ᠲᠡᠷᠭᠡᠨ ᠤ ᠲᠧᠯᠸᠢᠰ ︵ᠳ᠋ᠢᠶᠠᠨ ᠱᠢ︶ ᠶᠡᠭᠡ ᠰᠤᠷᠭᠠᠭᠤᠯᠢ ᠶᠢᠨ ᠦᠷᠳᠡᠭᠡᠨ‌‍ᠳᠥ ᠪᠠᠭᠤᠵᠤ ᠵᠡᠭᠦᠨᠰᠢ 100  ᠮᠧᠲᠷ ᠶᠠᠪᠤᠪᠠᠯ ᠬᠦᠷᠴᠢᠬᠡᠨ᠎ᠡ       ᠬᠠᠷᠢᠯᠴᠠᠬᠤ ᠤᠲᠠᠰᠤ᠄ 0474 — 8305860
 
ᠢᠷᠡᠯᠲᠡ᠄ ᠵᠢᠨᠢᠩ ᠲᠤᠭᠤᠷᠢᠭ ᠤᠨ ᠵᠠᠰᠠᠭ ᠤᠨ ᠤᠷᠳᠤᠨ ᠤ ᠬᠢᠳᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2