︽ᠭᠤᠷᠪᠠᠨ ᠠᠭᠤᠯᠠ ᠬᠤᠶᠠᠷ ᠭᠤᠤᠯ︾ ᠎ ᠤᠨ ᠦᠡᠭᠭᠡ ᠦᠵᠡᠮᠵᠢ
ᠨᠡᠶᠢᠲᠡᠯᠡᠭᠰᠡᠨ ᠴᠠᠭ᠄
2019/8/16
       ᠪᠠᠶ ᠴᠢᠤᠸᠠᠨ ᠱᠠᠨ ᠭᠤᠤᠯ ᠰᠡᠳᠦᠪᠲᠦ ᠴᠡᠴᠡᠷᠯᠢᠭ        ᠪᠠᠶ ᠴᠢᠤᠸᠠᠨ ᠱᠠᠨ ᠴᠡᠴᠡᠷᠯᠢᠭ ᠨᠢ ᠵᠢᠨᠢᠩ ᠤᠨ ᠰᠢᠨ᠎ᠡ ᠬᠠᠭᠤᠴᠢᠨ ᠲᠣᠭᠤᠷᠢᠭ ᠤᠨ ᠠᠭᠤᠯᠵᠠᠷ ᠭᠠᠵᠠᠷ ᠲᠤ ᠪᠠᠶᠢᠷᠢᠯᠠᠵᠤ᠂ ︽ᠨᠢᠭᠡ ᠠᠭᠤᠯᠠ ᠬᠤᠶᠠᠷ ᠬᠤᠲᠠ ᠶᠢ ᠠᠯᠤᠰᠯᠠᠬᠤ︾ ᠴᠢᠬᠤᠯᠠ ᠵᠠᠩᠭᠢᠯᠠᠭ᠎ᠠ ᠶᠢᠨ ᠴᠡᠭ ᠪᠣᠯᠵᠤ᠂ ᠬᠤᠶᠢᠲᠤ ᠲᠠᠯ᠎ᠠ ᠨᠢ ᠬᠠᠭᠤᠴᠢᠨ ᠬᠤᠲᠠ ᠲᠣᠭᠤᠷᠢᠭ᠂ ᠡᠮᠦᠨ᠎ᠡ ᠲᠠᠯ᠎ᠠ ᠨᠢ ᠰᠢᠨ᠎ᠡ ᠬᠤᠲᠠ ᠲᠣᠭᠤᠷᠢᠭ ᠪᠠᠶᠢᠵᠤ᠂ ᠲᠥᠯᠥᠪᠵᠢᠭᠦᠯᠦᠨ ᠪᠦᠲᠦᠭᠡᠨ ᠪᠠᠶᠢᠭᠤᠯᠬᠤ ᠲᠠᠯᠠᠪᠠᠢ ᠨᠢ 7 ᠲᠡᠭᠰᠢ ᠳᠥᠷᠪᠡᠯᠵᠢᠨ ᠺᠢᠯᠤᠮᠧᠲᠷ ᠪᠣᠯᠤᠨ᠎ᠠ᠃        ᠴᠡᠴᠡᠷᠯᠢᠭ ᠤᠨ ᠪᠠᠶᠢᠷᠢᠰᠢᠭᠤᠯᠤᠯᠲᠠ ᠶᠢ ᠪᠡᠭᠡᠵᠢᠩ ᠤᠨ ᠠᠯᠳᠠᠷᠲᠤ ᠵᠢᠷᠤᠭ ᠲᠥᠯᠥᠪᠯᠡᠭᠡ ᠶᠢᠨ ᠺᠣᠮᠫᠠᠨᠢ ᠠᠴᠠ ᠵᠢᠷᠤᠭᠯᠠᠨ ᠲᠥᠯᠥᠪᠯᠡᠵᠦ᠂ ︽ᠪᠠᠭᠠᠲᠤᠷᠯᠢᠭ ᠴᠠᠬᠠᠷ᠂ ᠷᠢᠳᠢ  ᠰᠢᠳᠢᠳᠦ ᠪᠠᠶ ᠴᠢᠤᠸᠠᠨ ᠱᠠᠨ︾᠎ ᠢᠶᠠᠷ ᠭᠤᠤᠯ ᠰᠡᠳᠦᠪ ᠪᠣᠯᠭᠠᠵᠤ᠂ ᠠᠮᠢ ᠠᠬᠤᠶ ᠶᠢ ᠲᠡᠷᠢᠭᠦᠨ ᠳᠤ ᠲᠠᠯᠪᠢᠵᠤ᠂ ᠲᠤᠬᠠᠶ ᠶᠢᠨ ᠭᠠᠵᠠᠷ ᠣᠷᠣᠨ ᠤ ᠪᠠᠶᠢᠳᠠᠯ ᠳᠤᠨᠢ ᠲᠣᠬᠢᠷᠠᠭᠤᠯᠬᠤ ᠵᠠᠷᠴᠢᠮ ᠢ ᠪᠠᠷᠢᠮᠲᠠᠯᠠᠵᠤ᠂ ᠠᠭᠤᠯᠠ ᠤᠰᠤᠨ ᠤ ᠪᠠᠶᠢᠭᠠᠯᠢ ᠶᠢᠨ ᠪᠠᠶᠢᠳᠠᠯ ᠢ ᠳᠣᠪᠤᠶᠢᠯᠭᠠᠨ᠂ ᠭᠠᠵᠠᠷ ᠣᠷᠣᠨ ᠤ ᠣᠨᠴᠠᠯᠢᠭ ᠢ ᠥᠷᠭᠡᠳᠬᠡᠵᠦ᠂ ᠰᠣᠶᠣᠯ ᠢᠷᠭᠡᠨᠰᠢᠯ ᠤᠨ ᠠᠵᠢᠯᠯᠠᠭ᠎ᠠ ᠶᠢ ᠠᠭᠤᠰᠤᠯᠴᠠᠭᠤᠯᠤᠨ᠂ ᠰᠣᠶᠣᠯ ᠤᠨ ᠠᠭᠤᠯᠤᠭᠳᠠᠬᠤᠨ ᠢ ᠴᠢᠩᠭᠠᠳᠬᠠᠨ᠎ᠠ᠃ ᠪᠦᠲᠦᠭᠡᠨ ᠪᠠᠶᠢᠭᠤᠯᠤᠯᠲᠠ ᠶᠢᠨ ᠠᠭᠤᠯᠭ᠎ᠠ ᠳᠤ ᠭᠤᠤᠯ ᠡᠭᠦᠳᠡ᠂ ᠤᠰᠤᠨ ᠤ ᠦᠵᠡᠮᠵᠢ᠂ ᠣᠢ ᠰᠢᠭᠤᠶ ᠶᠢᠨ ᠠᠮᠢ ᠠᠬᠤᠶ᠂ ᠰᠣᠶᠣᠯ ᠰᠢᠨᠵᠢᠯᠡᠬᠦ ᠤᠬᠠᠭᠠᠨ ᠤ ᠲᠦᠭᠡᠮᠵᠢᠯᠡᠯ᠂ ᠠᠮᠢᠵᠢᠷᠠᠯ ᠤᠨ ᠬᠦᠴᠦᠨ ᠵᠡᠷᠭᠡ ᠲᠠᠪᠤᠨ ᠦᠵᠡᠮᠵᠢ ᠵᠢᠨ‌‍ᠲ᠋ᠤᠭᠤᠷᠢᠭ ᠢ ᠪᠠᠭᠲᠠᠭᠠᠵᠤ᠂ ᠪᠠᠷᠰ ᠠᠭᠤᠯᠠ ᠲᠠᠢ ᠨᠢᠭᠡ ᠴᠣᠭᠴᠠᠵᠢᠭᠤᠯᠵᠤ᠂ ᠰᠡᠯᠡᠭᠦᠴᠡᠯ ᠵᠤᠭ᠎ᠠ ᠴᠡᠩᠭᠡᠯ᠂ ᠲᠡᠤᠬᠡ ᠰᠣᠶᠣᠯ ᠰᠤᠷᠭᠠᠨ ᠬᠥᠮᠦᠵᠢᠯ ᠂ ᠣᠨᠴᠠᠯᠢᠭᠲᠤ ᠪᠡᠶ᠎ᠡ ᠶᠢᠨ ᠲᠠᠮᠢᠷ ᠤᠨ ᠬᠥᠳᠡᠯᠭᠡᠭᠡᠨ᠂ ᠠᠮᠢ ᠠᠬᠤᠢ ᠶᠢᠨ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠤᠬᠠᠭᠤᠯᠭ᠎ᠠ ᠶᠢ ᠨᠢᠭᠡ ᠴᠣᠭᠴᠠᠵᠢᠭᠤᠯᠵᠤ᠂ ᠬᠤᠲᠠ ᠶᠢᠨ ᠲᠡᠤᠬᠡ  ᠰᠣᠶᠣᠯ ᠤᠨ ᠰᠤᠳᠠᠰᠤ ᠶᠢ ᠳᠡᠯᠭᠡᠨ ᠦᠵᠡᠭᠦᠯᠵᠦ ᠂ ᠣᠨᠴᠠᠯᠢᠭᠲᠤ ᠰᠣᠶᠣᠯ ᠢ ᠪᠠᠳᠠᠷᠠᠭᠤᠯᠤᠭᠰᠠᠨ ᠥᠪᠡᠷᠮᠢᠴᠡ ᠬᠤᠲᠠ ᠶᠢᠨ ᠴᠡᠴᠡᠷᠯᠢᠭ ᠤᠨ ᠦᠵᠡᠮᠵᠢ ᠪᠣᠯᠭᠠᠨ᠎ᠠ᠃        ᠪᠠᠶ ᠴᠢᠤᠸᠠᠨ ᠱᠠᠨ ᠠᠭᠤᠯᠠᠨ ᠤ ᠲᠤᠰ ᠪᠡᠶ᠎ᠡ ᠶᠢᠨ ᠴᠢᠯᠠᠭᠤ ᠨᠢ ᠵᠤᠵᠠᠭᠠᠨ ᠬᠥᠷᠥᠰᠥ ᠨᠢ ᠨᠢᠮᠭᠡᠨ᠂ ᠴᠢᠯᠠᠭᠤ ᠨᠢ ᠠᠷᠪᠢᠨ ᠰᠢᠷᠣᠶ ᠨᠢ ᠴᠥᠭᠡᠨ ᠲᠤᠯᠠ ᠴᠢᠬᠢ ᠮᠣᠳᠣᠨ ᠤ ᠡᠳᠡᠭᠡᠷᠡᠯᠲᠡ ᠶᠢ ᠪᠠᠲᠤᠯᠠᠬᠤ ᠶᠢᠨ ᠲᠥᠯᠥᠭᠡ ᠶᠡᠭᠡ ᠨᠦᠬᠡ ᠮᠠᠯᠲᠠᠵᠤ ᠰᠢᠷᠣᠶ ᠨᠤᠷᠠᠭᠠᠨ‌ᠮᠤᠳᠤ ᠲᠠᠷᠢᠬᠤ ᠠᠷᠭ᠎ᠠ ᠶᠢ ᠠᠪᠴᠠᠶ᠃ ᠢᠨᠵᠧᠨᠧᠷᠢᠩ ᠨᠢ 2011᠎ ᠤᠨ ᠡᠬᠢ ᠪᠠᠷ ᠢᠯᠡ ᠪᠠᠷ ᠳᠠᠭᠠᠭᠠᠴᠢᠯᠠᠯᠲᠠ ᠵᠠᠷᠯᠠᠵᠤ᠂ ᠨᠡᠶᠢᠲᠡ ᠳᠥᠷᠪᠡᠨ ᠺᠣᠮᠫᠠᠨᠢ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢᠨ ᠡᠭᠦᠷᠭᠡ ᠶᠢ ᠬᠠᠷᠢᠭᠤᠴᠠᠵᠤ᠂ ᠭᠤᠷᠪᠠᠨ ᠵᠢᠯ ᠳᠤ᠂ ᠨᠡᠶᠢᠲᠡ 369 ᠲᠦᠮᠡᠨ ᠰᠠᠭᠤᠷᠢ ᠡᠯ᠎ᠡ ᠲᠥᠷᠥᠯ ᠤᠨ ᠮᠣᠳᠣ ᠵᠠᠶᠢᠯᠠᠵᠤ᠂ ᠡᠭᠦᠨ ᠳᠤ 102 ᠲᠦᠮᠡᠨ ᠰᠠᠭᠤᠷᠢ ᠮᠥᠩᠬᠡ ᠨᠣᠭᠤᠭᠠᠨ ᠮᠣᠳᠣ᠂ 110 ᠲᠦᠮᠡᠨ ᠰᠠᠭᠤᠷᠢ ᠨᠠᠪᠴᠢ ᠵᠤᠯᠭᠠᠷᠠᠬᠤ ᠮᠣᠳᠣ᠂ 157 ᠲᠦᠮᠡᠨ ᠪᠣᠳᠠ ᠴᠡᠴᠡᠭ ᠪᠣᠳᠠ ᠮᠣᠳᠣ ᠲᠠᠷᠢᠵᠤ᠂ ᠴᠢᠬᠢ ᠮᠣᠳᠣᠨ ᠤ ᠡᠳᠡᠭᠡᠷᠡᠯᠲᠡ ᠶᠢᠨ  ᠨᠣᠷᠮ᠎ᠠ 98 %᠎ ᠠᠴᠠ ᠳᠡᠭᠡᠭᠰᠢ ᠳᠤ ᠬᠦᠷᠪᠡ᠃ 68  ᠺᠢᠯᠤᠮᠧᠲᠷ ᠤᠨ ᠴᠡᠴᠡᠷᠯᠢᠭ ᠤᠨ ᠵᠠᠮ  ᠎ ᠢ ᠵᠠᠰᠠᠵᠤ᠂ 18  ᠠᠭᠤᠳᠠᠮ ᠲᠠᠯᠠᠪᠠᠢ ᠪᠠᠶᠢᠭᠤᠯᠵᠤ᠂ 14 ᠲᠢᠩᠰᠡᠲᠦ ᠠᠰᠠᠷ ᠲᠠᠭᠲᠤ ᠶᠢ ᠪᠠᠶᠢᠭᠤᠯᠪᠠ᠃        ᠪᠠᠶ ᠴᠢᠤᠸᠠᠨ ᠱᠠᠨ ᠴᠡᠴᠡᠷᠯᠢᠭ ᠨᠢ ᠣᠳᠣ ᠨᠢᠭᠡᠨᠲᠡ ᠠᠷᠪᠠᠨ ᠶᠡᠭᠡ ᠦᠵᠡᠮᠵᠢ ᠶᠢᠨ ᠣᠷᠣᠨ᠂ ᠠᠷᠪᠠᠨ ᠨᠠᠶᠢᠮᠠᠨ ᠦᠵᠡᠮᠵᠢ ᠢ ᠨᠢᠭᠡ ᠴᠣᠭᠴᠠᠵᠢᠭᠤᠯᠤᠭᠰᠠᠨ ᠨᠡᠭᠡᠭᠡᠯᠲᠡᠲᠦ ᠶᠡᠷᠦᠩᠬᠡᠶᠢᠯᠡᠭᠰᠡᠨ ᠴᠡᠴᠡᠷᠯᠢᠭ ᠪᠣᠯᠵᠤ᠂ ᠲᠥᠪ ᠬᠤᠲᠠ ᠶᠢᠨ ᠲᠣᠭᠤᠷᠢᠭ ᠤᠨ ᠨᠡᠷ᠎ᠡ ᠨᠢᠳᠡᠷ ᠲᠡᠭᠡᠨ ᠨᠡᠶᠢᠴᠡᠭᠰᠡᠨ ︽ᠬᠤᠲᠠᠨ ᠳᠠᠬᠢ ᠨᠣᠭᠤᠭᠠᠨ ᠠᠷᠠᠯ︾᠂ ︽ᠪᠠᠶᠢᠭᠠᠯᠢ ᠶᠢᠨ ᠬᠦᠴᠢᠯᠲᠥ᠋ᠷᠥᠭᠴᠢ ᠶᠢᠨ ᠪᠠᠭᠠᠷ︾᠂ ᠥᠷᠭᠡᠨ ᠣᠯᠠᠨ ᠬᠤᠲᠠ ᠶᠢᠨ ᠠᠷᠠᠳ ᠤᠨ ᠰᠡᠯᠡᠭᠦᠴᠡᠯ᠂ ᠵᠤᠭ᠎ᠠ ᠴᠡᠩᠭᠡᠯ ᠤᠨ ᠭᠤᠤᠯ ᠲᠠᠯᠠᠪᠤᠷ ᠪᠣᠯᠤᠭᠰᠠᠨ ᠪᠠᠶᠢᠨ᠎ᠠ᠃       ᠪᠠᠶ ᠴᠢᠤᠸᠠᠨ ᠱᠠᠨ ᠠᠭᠤᠯᠠ ᠶᠢ ᠴᠢᠯᠥᠭᠡᠯᠡᠭᠳᠡᠬᠦ ᠠᠴᠠ ᠡᠮᠦᠨ᠎ᠡ ᠶᠢᠩ ᠱᠠᠨ ᠭᠡᠳᠡᠭ᠂ ᠠᠭᠤᠯᠠᠨ ᠳᠡᠭᠡᠷᠡᠬᠢ ᠰᠢᠷᠣᠶ ᠶᠢᠨ ᠴᠢᠨᠠᠷ ᠤᠨ ᠣᠯᠠᠩᠬᠢ ᠨᠢ ᠴᠠᠭᠠᠨ ᠦᠨᠡᠰᠦᠨ ᠴᠢᠯᠠᠭᠤ ᠪᠠᠶᠢᠵᠤ᠂  ᠠᠭᠤᠯᠠᠨ ᠤ ᠵᠠᠬᠦᠨ ᠲᠠᠯ᠎ᠠ ᠳᠤ ᠨᠢᠭᠡ ᠪᠤᠯᠠᠭ ᠪᠠᠶᠢᠳᠠᠭ ︵ᠲᠤᠬᠠᠶ ᠶᠢᠨ ᠭᠠᠵᠠᠷ ᠤᠨ ᠬᠥᠮᠦᠨ ᠮᠠᠤ ᠪᠦ᠋ ᠯᠠᠩ ᠭᠡᠳᠡᠭ᠂ ᠮᠣᠩᠭᠤᠯ ᠬᠡᠯᠡᠨ ᠤ ᠠᠪᠢᠶᠠᠴᠢᠯᠠᠭᠰᠠᠨ ᠣᠷᠴᠢᠭᠤᠯᠭ᠎ᠠ᠂ ᠤᠰᠤ ᠭᠠᠷᠬᠤ ᠨᠢ ᠲᠡᠶᠢᠮᠦ ᠰᠠᠶᠢᠨ ᠪᠤᠯᠠᠭ ᠭᠡᠰᠡᠨ ᠤᠳᠬ᠎ᠠ ᠲᠠᠢ︶᠃  ᠬᠦᠮᠦᠰ ᠳᠡᠭᠦᠨ ᠢ  ᠪᠠᠶ ᠴᠢᠤᠸᠠᠨ ᠱᠠᠨ ᠭᠡᠳᠡᠭ᠃       ᠲᠡᠷᠭᠡᠨ ᠳᠤ ᠰᠠᠭᠤᠬᠤ ᠵᠠᠮ ᠱᠤᠭᠤᠮ᠄ ᠯᠣᠤ  ᠬᠤ᠋ ᠱᠠᠨ ᠴᠡᠴᠡᠷᠯᠢᠭ ᠤᠨ ᠡᠮᠦᠨ᠎ᠡ ᠲᠠᠯ᠎ᠠ ᠳᠤ᠂ ᠰᠢᠩ ᠭᠦᠩ ᠵᠠᠮ ᠤᠨ 7 ᠳ᠋ᠤᠭᠠᠷ ᠵᠠᠮ ᠤᠨ ᠨᠡᠶᠢᠳᠡ ᠶᠢᠨ ᠮᠠᠰᠢᠨ ᠲᠡᠷᠭᠡᠨ ᠤ ᠵᠠᠮ ᠬᠠᠷᠢᠯᠴᠠᠭᠠᠨ ᠤ ᠴᠠᠭᠳᠠᠭ᠎ᠠ ᠶᠢᠨ ᠠᠩᠭᠢ ᠲᠡᠷᠭᠡᠨ ᠵᠤᠭᠰᠤᠭᠠᠯ ᠳᠤ ᠪᠠᠭᠤᠵᠤ  ᠂ 3᠂ 9᠂ 10 ᠳ᠋ᠤᠭᠠᠷ ᠵᠠᠮ ᠤᠨ  ᠨᠡᠶᠢᠳᠡ ᠶᠢᠨ ᠮᠠᠰᠢᠨ ᠲᠡᠷᠭᠡᠨ ᠳᠤ ᠰᠠᠭᠤᠵᠦ ᠬᠤᠲᠠ ᠶᠢᠨ ᠠᠷᠠᠳ ᠤᠨ ᠶᠠᠪᠤᠳᠠᠯ ᠤᠨ  ᠲᠤᠪᠴᠢᠶᠠᠨ ᠤ ᠲᠡᠷᠭᠡᠨ ᠵᠤᠭᠰᠤᠭᠠᠯ ᠳᠤ  ᠪᠠᠭᠤᠵᠦ ᠵᠠᠮ ᠤᠨ ᠠᠭᠤᠯᠵᠠᠷ ᠎ ᠠᠴᠠ ᠬᠤᠶᠢᠰᠢ 50 ᠮᠧᠲᠷ ᠶᠠᠪᠤᠨ᠎ᠠ  ᠃       ᠤᠲᠠᠰᠤ᠄ 0474 - 8205960
 
ᠢᠷᠡᠯᠲᠡ᠄ ᠵᠢᠨᠢᠩ ᠲᠤᠭᠤᠷᠢᠭ ᠤᠨ ᠵᠠᠰᠠᠭ ᠤᠨ ᠤᠷᠳᠤᠨ ᠤ ᠬᠢᠳᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2