︽ᠭᠤᠷᠪᠠᠨ ᠠᠭᠤᠯᠠ ᠬᠤᠶᠠᠷ ᠭᠤᠤᠯ︾᠎ ᠤᠨ ᠦᠡᠭᠭᠡ ᠦᠵᠡᠮᠵᠢ
ᠨᠡᠶᠢᠲᠡᠯᠡᠭᠰᠡᠨ ᠴᠠᠭ᠄
2019/8/16
       ᠸᠧ ᠯᠦᠩ ᠱᠠᠨ ᠠᠮᠢ ᠠᠬᠤᠢ ᠶᠢᠨ ᠴᠡᠴᠡᠷᠯᠢᠭ        ᠸᠧ ᠯᠦᠩ ᠱᠠᠨ ᠠᠭᠤᠯᠠ ᠪᠣᠯ ᠵᠢᠨᠢᠩ ᠤᠨ ᠬᠠᠮᠤᠭ ᠤᠨ ᠶᠡᠭᠡ ᠭᠤᠤᠯ ᠴᠣᠭᠴᠠ ᠪᠣᠯᠬᠤ ᠠᠭᠤᠯᠠ ᠨᠢᠷᠤᠭᠤ ᠮᠥᠨ᠂ ᠪᠠᠰᠠ ᠴᠤ ᠵᠢᠨᠢᠩ ᠣᠷᠣᠨ ᠤ ᠪᠠᠷᠠᠭᠤᠨ ᠬᠡᠰᠡᠭ ᠤᠨ ᠠᠮᠢ ᠠᠬᠤᠢ ᠶᠢᠨ ᠬᠠᠯᠬᠠᠪᠴᠢ ᠮᠥᠨ᠂ ᠲᠠᠯᠠᠪᠠᠢ ᠨᠢ 15 ᠲᠡᠭᠰᠢ ᠳᠥᠷᠪᠡᠯᠵᠢᠨ ᠺᠢᠯᠣᠮᠧᠲᠷ ᠪᠠᠶᠢᠵᠤ᠂ ᠢᠨᠵᠧᠨᠧᠷᠢᠩ ᠢ 2010 ᠣᠨ ᠠᠴᠠ ᠡᠬᠢᠯᠡᠨ ᠪᠦᠲᠦᠭᠡᠨ ᠪᠠᠶᠢᠭᠤᠯᠵᠤ᠂ ᠠᠭᠤᠯᠠ ᠶᠢ ᠵᠠᠰᠠᠵᠦ ᠳᠡᠭᠰᠢᠯᠡᠨ᠂ ᠮᠥᠩᠬᠡ ᠨᠣᠭᠤᠭᠠᠨ ᠮᠣᠳᠣ 80 ᠲᠦᠮᠡᠨ ᠰᠠᠭᠤᠷᠢ᠂ ᠨᠠᠪᠴᠢ ᠵᠤᠯᠭᠠᠷᠠᠬᠤ ᠡᠪᠡᠰᠦ 30 ᠲᠦᠮᠡᠨ ᠰᠠᠭᠤᠷᠢ᠂ ᠪᠣᠳᠠ ᠮᠣᠳᠣ 335 ᠲᠦᠮᠡᠨ ᠰᠠᠭᠤᠷᠢ ︵ᠪᠤᠲᠠ︶᠎ ᠶᠢ ᠵᠠᠶᠢᠯᠠᠭᠰᠠᠨ ᠪᠠᠶᠢᠨ᠎ᠠ᠃ ᠭᠦᠨ ᠭᠤᠤ ᠶᠢᠨ 16 ᠲᠣᠮᠣ ᠨᠦᠬᠡ ᠶᠢ ᠪᠤᠯᠠᠵᠤ᠂ 595 ᠲᠣᠮᠣ ᠳᠤᠮᠳᠠ ᠪᠠᠭ᠎ᠠ ᠬᠡᠯᠪᠡᠷᠢ ᠶᠢᠨ ᠰᠢᠪᠡᠷ ᠴᠢᠯᠠᠭᠤᠨ ᠬᠥᠨᠳᠡᠢ ᠶᠢ ᠵᠠᠰᠠᠵᠦ ᠳᠡᠭᠰᠢᠯᠡᠨ᠂ 42 ᠺᠢᠯᠣᠮᠧᠲᠷ ᠤᠨ ᠪᠠᠷᠢᠯᠭ᠎ᠠ ᠶᠢᠨ ᠠᠵᠢᠯ ᠤᠨ ᠵᠠᠮ ᠢ ᠵᠠᠰᠠᠵᠤ᠂ 1 ᠰᠠᠭᠤᠷᠢ ᠥᠨᠳᠥᠷ ᠪᠠᠶᠢᠷᠢᠳᠦ 1000 ᠪᠣᠰᠤᠭ᠎ᠠ ᠳᠥᠷᠪᠡᠯᠵᠢᠨ ᠴᠥᠭᠦᠷᠥᠮ᠂ 2 ᠰᠠᠭᠤᠷᠢ ᠥᠨᠳᠥᠷ ᠪᠠᠶᠢᠷᠢᠳᠦ ᠤᠰᠤ ᠬᠠᠳᠠᠭᠠᠯᠠᠬᠤ ᠴᠥᠭᠦᠷᠥᠮ ᠪᠠᠶᠢᠭᠤᠯᠪᠠ᠃ 110 ᠤᠯᠤᠰ ᠤᠨ ᠵᠠᠰᠠᠮᠠᠯ ᠵᠠᠮ ᠨᠢ ᠸᠧ ᠯᠦᠩ ᠱᠠᠨ ᠠᠭᠤᠯᠠ ᠶᠢ ᠡᠮᠦᠨ᠎ᠡ ᠤᠮᠠᠷ᠎ᠠ ᠬᠤᠶᠠᠷ ᠠᠭᠤᠯᠠ ᠪᠣᠯᠭᠠᠨ ᠬᠤᠪᠢᠶᠠᠵᠤ᠂ ᠡᠮᠦᠨ᠎ᠡ ᠸᠧ ᠯᠦᠩ ᠱᠠᠨ ᠠᠭᠤᠯᠠ ᠨᠢ ᠤᠤᠯ ᠨᠢ ᠵᠢᠨᠢᠩ ᠲᠣᠭᠤᠷᠢᠭ ᠤᠨ ᠴᠢᠯᠠᠭᠤ ᠮᠠᠯᠲᠠᠬᠤ ᠲᠠᠯᠠᠪᠠᠢ ᠪᠠᠶᠢᠵᠠᠶ᠂ ᠢᠨᠵᠧᠨᠧᠷᠢᠩ ᠢ ᠬᠡᠷᠡᠭᠵᠢᠭᠦᠯᠬᠦ  ᠦᠶ᠎ᠡ ᠳᠤ ᠲᠡᠮᠦᠷ ᠵᠠᠮ ᠤᠨ ᠨᠦᠬᠡᠨ ᠵᠠᠮ ᠢ ᠠᠰᠢᠭᠯᠡᠨ 800 ᠲᠦᠮᠡᠨ ᠪᠣᠰᠤᠭ᠎ᠠ ᠳᠥᠷᠪᠡᠯᠵᠢᠨ ᠮᠧᠲᠷ ᠭᠠᠵᠠᠷ ᠢ ᠪᠥᠭᠯᠡᠵᠦ᠂ ᠤᠰᠤ ᠶᠢ ᠬᠠᠮᠠᠭᠠᠯᠠᠵᠤ ᠣᠶᠢᠵᠢᠭᠤᠯᠬᠤ ᠢᠨᠵᠧᠨᠧᠷᠢᠩ ᠢ ᠬᠡᠷᠡᠭᠵᠢᠭᠦᠯᠪᠡ  ᠃ ᠬᠤᠶᠢᠳᠦ ᠸᠧ ᠯᠦᠩ ᠱᠠᠨ ᠪᠣᠯ ᠬᠤᠲᠠ ᠲᠣᠭᠤᠷᠢᠭ ᠬᠤᠶᠠᠷ ᠱᠠᠲᠤᠨ ᠤ  ᠪᠠᠶᠢᠭᠤᠯᠤᠯᠭ᠎ᠠ ᠶᠢᠨ ᠺᠠᠳ᠋ᠷ ᠤᠨ ᠠᠯᠪᠠᠨ ᠵᠢᠷᠤᠮ ᠤᠨ ᠮᠣᠳᠣ ᠲᠠᠷᠢᠬᠤ ᠰᠠᠭᠤᠷᠢᠨ ᠭᠠᠵᠠᠷ ᠮᠥᠨ᠂ ︽ᠨᠢᠭᠡᠳᠦᠯᠲᠡᠶ ᠨᠦᠬᠡ ᠮᠠᠯᠲᠠᠬᠤ᠂ ᠨᠢᠭᠡᠳᠦᠯᠲᠡᠶ ᠴᠢᠬᠢ ᠮᠣᠳᠣ ᠬᠠᠩᠭᠠᠬᠤ᠂  ᠪᠠᠶᠢᠭᠤᠯᠤᠯᠭ᠎ᠠ ᠨᠢ ᠮᠣᠳᠣ ᠲᠠᠷᠢᠵᠤ ᠤᠷᠭᠤᠭᠤᠯᠬᠤ᠂ ᠡᠳᠡᠭᠡᠷᠡᠯᠳᠡ ᠶᠢᠨ ᠨᠤᠷᠮ᠎ᠠ ᠶᠢ ᠪᠠᠳᠤᠯᠠᠬᠤ  ᠂ ᠬᠠᠮᠠᠭᠠᠯᠠᠵᠦ ᠪᠤᠶᠢᠵᠢᠭᠤᠯᠬᠤ ᠶᠢ ᠪᠠᠳᠤᠯᠠᠬᠤ︾ ᠲᠣᠭᠲᠠᠴᠠ ᠶᠢ ᠬᠡᠷᠡᠭᠵᠢᠬᠦᠯᠵᠦ᠂ ᠺᠠᠳ᠋ᠷ ᠤᠨ ᠬᠥᠳᠡᠯᠮᠦᠷᠢ ᠳᠤ ᠣᠷᠣᠯᠴᠠᠬᠤ᠂ ᠣᠪᠣᠷ ᠰᠤᠷᠲᠠᠯ ᠢᠶᠠᠨ ᠬᠤᠪᠢᠷᠠᠭᠤᠯᠬᠤ ᠰᠠᠭᠤᠷᠢᠨ ᠭᠠᠵᠠᠷ ᠪᠣᠯᠤᠭᠰᠠᠨ ᠪᠠᠶᠢᠨ᠎ᠠ᠃ ᠵᠠᠰᠠᠭᠰᠠᠨ ᠤ ᠳᠠᠷᠠᠭᠠᠬᠢ ᠸᠧ ᠯᠦᠩ ᠱᠠᠨ ᠠᠭᠤᠯᠠ ᠨᠢ ᠂ ᠴᠢᠯᠠᠭᠤᠨ ᠠᠭᠤᠯᠠ ᠪᠠᠶᠢᠭᠰᠠᠨ ᠠᠴᠠ ᠰᠢᠷᠣᠶ ᠶᠢᠨ ᠠᠭᠤᠯᠠ ᠪᠣᠯᠵᠤ᠂ ᠰᠢᠷᠣᠶ ᠶᠢᠨ ᠠᠭᠤᠯᠠ ᠨᠢ ᠨᠣᠭᠤᠭᠠᠨ ᠠᠭᠤᠯᠠ ᠪᠣᠯᠵᠤ᠂ ᠨᠣᠭᠤᠭᠠᠨ ᠠᠭᠤᠯᠠ ᠨᠢ  ᠭᠤᠶᠤ ᠦᠵᠡᠮᠵᠢ ᠪᠣᠯᠵᠤ᠂  ᠤᠳᠤ ᠤᠤᠯ ‍ᠤᠨ‌ᠠᠭᠯᠠᠭ ᠠᠭᠤᠯᠠ ᠪᠢᠰᠢ ᠪᠤᠯᠵᠠᠢ᠃ ᠡᠯ᠎ᠡ ᠲᠥᠷᠥᠯ ᠤᠨ ᠭᠠᠵᠠᠷ ᠤᠨ ᠭᠠᠮᠰᠢᠭ᠂ ᠬᠥᠷᠥᠰᠥ ᠰᠢᠷᠣᠶ ᠶᠢᠨ ᠢᠳᠡᠭᠳᠡᠯ ᠢ ᠪᠦᠲᠦᠮᠵᠢᠲᠡᠶ ᠬᠤᠷᠢᠭᠯᠠᠵᠤ᠂ ᠠᠮᠢ ᠠᠬᠤᠢ ᠶᠢᠨ ᠣᠷᠴᠢᠨ ᠲᠣᠭᠤᠷᠢᠨ ᠲᠤᠶᠢᠯ ᠤᠨ ᠶᠡᠭᠡ ᠪᠠᠷ ᠰᠠᠶᠢᠵᠢᠷᠠᠵᠤ᠂ ᠨᠡᠶᠢᠭᠡᠮ ᠤᠨ ᠦᠷ᠎ᠡ ᠠᠰᠢᠭ᠂ ᠠᠮᠢ ᠠᠬᠤᠢ ᠶᠢᠨ ᠦᠷ᠎ᠡ ᠠᠰᠢᠭ ᠮᠠᠰᠢ ᠢᠯᠡᠷᠬᠡᠶ ᠪᠣᠯᠵᠤ᠂ ᠬᠥᠷᠥᠰᠥ ᠰᠢᠷᠣᠶ ᠶᠢ ᠬᠠᠮᠠᠭᠠᠯᠠᠬᠤ ᠪᠠ ᠣᠷᠴᠢᠨ ᠲᠣᠭᠤᠷᠢᠨ ᠢ ᠬᠠᠮᠠᠭᠠᠯᠠᠬᠤ ᠬᠤᠶᠠᠷ ᠲᠠᠯ᠎ᠠ ᠪᠠᠷ ᠢᠶᠠᠨ ᠠᠰᠢᠭ ᠬᠦᠷᠲᠡᠬᠦ ᠶᠢ ᠪᠡᠶᠡᠯᠡᠭᠦᠯᠪᠡ ᠁       ᠸᠧ ᠯᠦᠩ ᠱᠠᠨ ᠤ ᠳᠣᠮᠤᠭ       ᠵᠢᠨᠢᠩ ᠤᠨ ᠪᠠᠷᠠᠭᠤᠨ ᠡᠮᠦᠨ᠎ᠡ ᠲᠠᠯ᠎ᠠ ᠳᠤ ᠨᠢᠭᠡ ᠰᠠᠭᠤᠷᠢ ᠠᠭᠤᠯᠠ ᠲᠠᠢ᠂ ᠠᠭᠤᠯᠠᠨ ᠳᠡᠭᠡᠷ᠎ᠡ ᠨᠢᠭᠡ ᠵᠤᠷᠪᠤᠰ ᠭᠠᠵᠠᠷ ᠵᠦᠰᠦᠮ ᠠᠴᠠ ᠪᠣᠯᠵᠤ ᠬᠥᠲᠥᠯ ᠳᠡᠭᠡᠷ᠎ᠡ ᠴᠤᠬᠤᠶᠢᠭᠰᠠᠨ ᠴᠢᠯᠠᠭᠤᠨ ᠪᠦᠰᠡ ᠪᠠᠶᠢᠳᠠᠭ᠃       ᠤᠯᠠᠮᠵᠢᠯᠠᠯ ᠶᠠᠷᠢᠶᠠᠨ ᠳᠤ᠂ ᠣᠯᠠᠨ ᠵᠢᠯ ᠤᠨ ᠡᠮᠦᠨᠡᠬᠢ ᠨᠢᠭᠡᠨ ᠵᠤᠨ ᠤ ᠡᠳᠦᠷ᠂ ᠭᠡᠨᠡᠳᠲᠡ ᠳᠣᠭᠰᠢᠨ ᠰᠠᠯᠬᠢ ᠰᠠᠯᠬᠢᠯᠠᠵᠤ᠂ ᠡᠭᠦᠯᠡ ᠪᠦᠷᠬᠦᠵᠦ᠂ ᠬᠤᠢ ᠰᠠᠯᠬᠢ ᠳᠡᠭᠳᠡᠨ᠂ ᠰᠢᠷᠦᠭᠦᠨ ᠪᠣᠷᠣᠭᠠᠨ ᠣᠷᠣᠵᠤ᠂ ᠶᠡᠭᠡ ᠰᠠᠯᠬᠢ ᠠᠭᠤᠯᠠᠨ ᠬᠥᠲᠥᠯ ᠳᠡᠭᠡᠷᠡᠬᠢ ᠵᠠᠭᠤᠨ ᠵᠢᠯ ᠤᠨ ᠣᠢ ᠮᠣᠳᠣ ᠶᠢ ᠦᠨᠳᠦᠰᠦ ᠪᠠᠷ ᠨᠢ ᠦᠭᠲᠡᠭᠡᠵᠦ ᠠᠪᠤᠭᠠᠳ᠂ ᠣᠭᠲᠠᠷᠭᠤᠶ ᠶᠢ ᠬᠥᠷᠪᠡᠭᠦᠯᠵᠦ᠂ ᠶᠠᠭ ᠯᠠ ᠬᠥᠬᠡ ᠯᠣᠤ ᠶᠢᠨ ᠰᠡᠭᠦᠯ ᠮᠡᠲᠦ ᠪᠠᠶᠢᠯ᠎ᠠ᠃ ᠳᠣᠭᠰᠢᠨ ᠰᠠᠯᠬᠢᠨ ᠳᠤ ᠬᠤᠶᠢᠯᠠᠷᠠᠨ ᠪᠣᠰᠤᠭᠰᠠᠨ ᠲᠣᠮᠣ ᠰᠢᠷᠣᠶ ᠶᠢᠨ ᠪᠠᠭᠠᠨ᠎ᠠ ᠶᠢ ᠡᠭᠦᠯᠡᠨ ᠮᠠᠨᠳᠠᠯ ᠳᠤ ᠰᠢᠭᠤᠳ ᠬᠠᠳᠬᠤᠵᠤ᠂ ᠲᠠᠰᠤᠷᠠᠯᠲᠠ ᠦᠭᠡᠢ ᠤᠷᠪᠠᠨ ᠬᠥᠷᠪᠡᠵᠦ ᠤᠷᠲᠤᠳᠴᠠᠶ᠃ ᠰᠣᠨᠣᠰᠤᠯᠲᠠ ᠪᠠᠷ ᠲᠩᠷᠢ ᠳᠡᠭᠡᠷᠡᠬᠢ ᠬᠤᠪᠢᠯᠭᠠᠨ ᠯᠣᠤ ᠲᠩᠷᠢ ᠶᠢᠨ ᠲᠣᠭᠲᠠᠭᠠᠯ ᠢ ᠵᠥᠷᠢᠴᠡᠭᠰᠡᠨ ᠠᠴᠠ ᠪᠣᠯᠵᠤ ᠲᠡᠭᠦᠨ ᠤ ᠪᠠᠭᠤᠭᠰᠠᠨ ᠭᠠᠵᠠᠷ ᠲᠤ ᠨᠢ ᠤᠰᠤ ᠭᠠᠷᠤᠭᠰᠠᠨ ᠢᠶᠠᠷ ᠠᠳᠡᠬᠢ ᠨᠢ ᠨᠡᠯᠦᠭᠡᠷ ᠶᠡᠭᠡ ᠳᠠᠯᠠᠢ ᠪᠣᠯᠪᠠ ᠭᠡᠨ᠎ᠡ᠃ ᠰᠡᠭᠦᠯᠡᠷ ᠨᠢ ᠶᠠᠮᠠᠷ  ᠦᠶ᠎ᠡ ᠳᠤ᠂ ᠶᠠᠮᠠᠷ ᠰᠢᠯᠲᠠᠭᠠᠨ ᠠᠴᠠ ᠪᠣᠯᠤᠭᠰᠠᠨ ᠢ ᠮᠡᠳᠡᠬᠦ ᠦᠭᠡᠢ᠂ ᠭᠡᠨᠡᠳᠲᠡ ᠠᠭᠤᠯᠠ ᠨᠤᠷᠠᠵᠤ ᠳᠠᠯᠠᠢ ᠲᠠᠩᠭᠢᠰ ᠬᠦᠷᠬᠢᠷᠡᠨ᠂ ᠤᠰᠤ ᠠᠷᠢᠯᠵᠤ᠂ ᠠᠳᠡ ᠨᠢᠭᠡ ᠬᠡᠰᠡᠭ ᠡᠬᠡ ᠬᠠᠭᠤᠷᠠᠶ  ᠪᠤᠯᠵᠠᠢ᠃ ᠰᠣᠨᠣᠰᠬᠤᠯᠠᠷ ᠯᠣᠤ ᠤᠰᠤᠨ ᠠᠴᠠ ᠰᠠᠯᠪᠠᠯ ᠡᠭᠦᠯᠡ ᠮᠠᠨᠠᠨ ᠬᠥᠯᠭᠡᠯᠡᠵᠦ ᠳᠡᠶᠢᠯᠬᠦ ᠦᠭᠡᠢ ᠭᠡᠨ᠎ᠡ᠂ ᠲᠡᠷᠡ ᠤᠤᠯ ᠨᠢ ᠲᠣᠯᠣᠭᠠᠶ ᠪᠠᠨ ᠨᠠᠷᠠᠰᠤᠨ ᠭᠤᠤᠯ ᠳᠤ ᠰᠤᠩᠭᠠᠨ ᠤᠰᠤ ᠰᠣᠷᠣᠵᠤ ᠥᠩᠭᠡᠷᠡᠪᠡ᠂ ᠭᠡᠪᠡᠴᠦ  ᠨᠠᠷᠠᠰᠤᠨ ᠭᠤᠤᠯ ᠪᠣᠯ ᠤᠯᠠᠷᠢᠯ ᠤᠨ ᠭᠤᠤᠯ ᠪᠠᠶᠢᠵᠤ᠂ ᠤᠰᠤᠨ ᠤ ᠡᠬᠢ ᠰᠤᠷᠪᠤᠯᠵᠢ ᠨᠢ ᠭᠦᠶᠴᠡᠳ ᠦᠭᠡᠢ᠂ ᠰᠣᠷᠣᠵᠤ  ᠳᠡᠶᠢᠯᠬᠦ ᠤᠰᠤᠨ ᠤ ᠬᠡᠮᠵᠢᠶ᠎ᠡ ᠨᠢ ᠭᠦᠶᠴᠡᠳ ᠦᠭᠡᠢ ᠪᠠᠶᠢᠵᠤ᠂ ᠠᠷᠭ᠎ᠠ ᠪᠤᠰᠤ ᠡᠬᠡ ᠬᠠᠭᠤᠷᠠᠶ ᠳᠡᠭᠡᠷ᠎ᠡ ᠬᠤᠪᠢᠯᠭᠠᠨ ᠯᠣᠤ ᠡᠭᠦᠯᠡ ᠬᠥᠯᠥᠭᠯᠡᠨ ᠪᠣᠷᠣᠭᠠᠨ ᠣᠷᠣᠭᠤᠯᠵᠤ᠂  ᠬᠥᠮᠦᠨ ᠤ ᠶᠢᠷᠲᠢᠨᠴᠦ ᠳᠤ ᠲᠦᠭᠡᠵᠦ᠂ ᠡᠨᠡ ᠨᠤᠲᠤᠭ ᠤᠨ ᠠᠷᠠᠳ ᠢᠷᠭᠡᠳ ᠲᠤ ᠪᠤᠶᠠᠨ ᠦᠶᠯᠡᠳᠳᠡᠭ ᠭᠡᠨ᠎ᠡ᠃ ᠭᠡᠪᠡᠴᠦ ᠡᠳᠦᠷ ᠤᠨ ᠤᠳᠠᠭᠠᠨ ᠳᠠᠭᠠᠨ ᠰᠠᠯᠬᠢ ᠦᠯᠢᠶᠡᠵᠦ ᠨᠡᠷᠡᠨ ᠳᠤ ᠰᠢᠷᠠᠭᠳᠠᠭᠠᠳ᠂ ᠠᠭᠤᠯᠠ ᠨᠤᠷᠠᠭᠰᠠᠨ ᠪᠣᠯᠪᠠᠴᠤ ᠮᠥᠨ ᠯᠡ ᠲᠡᠭᠦᠨ ᠤ ᠤᠭ ᠳᠦᠷᠢ ᠯᠣᠤ ᠶᠢᠨ ᠬᠡᠯᠪᠡᠷᠢ ᠪᠠᠨ ᠬᠠᠳᠠᠭᠠᠯᠠᠭᠰᠠᠭᠠᠷ  ᠪᠠᠶᠢᠵᠠᠢ᠂ ᠡᠶᠢᠮᠦ ᠠᠴᠠ ᠲᠡᠭᠦᠨ ᠢ  ᠸᠧ ᠯᠦᠩ ᠱᠠᠨ ᠠᠭᠤᠯᠠ ᠭᠡᠳᠡᠭ᠃
 
ᠢᠷᠡᠯᠲᠡ᠄ ᠵᠢᠨᠢᠩ ᠲᠤᠭᠤᠷᠢᠭ ᠤᠨ ᠵᠠᠰᠠᠭ ᠤᠨ ᠤᠷᠳᠤᠨ ᠤ ᠬᠢᠳᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2