︽ᠭᠤᠷᠪᠠᠨ ᠠᠭᠤᠯᠠ ᠬᠤᠶᠠᠷ ᠭᠤᠤᠯ︾ ᠎ ᠤᠨ ᠦᠡᠭᠬᠡ ᠦᠵᠡᠮᠵᠢ
ᠨᠡᠶᠢᠲᠡᠯᠡᠭᠰᠡᠨ ᠴᠠᠭ᠄
2019/8/13
      ᠪᠠᠷᠰ ᠠᠭᠤᠯᠠᠨ ᠤ ᠠᠮᠢ ᠠᠬᠤᠢ ᠶᠢᠨ ᠴᠡᠴᠡᠷᠯᠢᠭ       ᠪᠠᠷᠰ ᠠᠭᠤᠯᠠ ᠨᠢ ᠤᠯᠠᠭᠠᠨᠴᠠᠪ ᠬᠤᠲᠠ ᠶᠢᠨ ᠵᠢᠨᠢᠩ ᠲᠣᠭᠤᠷᠢᠭ ᠤᠨ ᠡᠮᠦᠨ᠎ᠡ ᠪᠠᠶᠢᠷᠢᠯᠠᠵᠤ᠂ ᠲᠠᠯᠠᠪᠠᠢ ᠨᠢ 7 ᠲᠡᠭᠰᠢ ᠳᠥᠷᠪᠡᠯᠵᠢᠨ ᠺᠢᠯᠣᠮᠧᠲᠷ ᠪᠠᠶᠢᠵᠤ᠂ ᠳᠠᠯᠠᠢ ᠶᠢᠨ ᠲᠦᠪᠰᠢᠨ ᠠᠴᠠ 1447.5 ᠮᠧᠲᠷ ᠡᠷᠭᠦᠭᠳᠡᠵᠦ᠂ ᠪᠠᠷᠠᠭᠤᠨᠰᠢ ᠪᠠᠨ ᠸᠧ ᠯᠦᠩ ᠱᠠᠨ ᠠᠭᠤᠯᠠ ᠶᠢ ᠪᠠᠷᠠᠯᠠᠨ᠂ ᠤᠮᠠᠷᠠᠰᠢ ᠨᠠᠷᠠᠰᠤᠨ ᠭᠤᠤᠯ ᠤᠮᠳᠠᠯᠠᠵᠤ᠂ ᠠᠭᠤᠯᠠ ᠶᠢᠨ ᠬᠡᠯᠪᠡᠷᠢ ᠨᠢ ᠳᠣᠭᠰᠢᠨ ᠪᠠᠷᠰ  ᠲᠠᠶᠢᠪᠤᠩ ᠬᠡᠪᠲᠡᠭᠰᠡᠨ ᠮᠡᠲᠦ ᠰᠦᠨᠳᠡᠷᠯᠡᠵᠦ ᠪᠠᠶᠢᠳᠠᠭ᠃ ᠶᠠᠫᠣᠨ ᠢ ᠡᠰᠡᠷᠭᠦᠴᠡᠬᠦ ᠳᠠᠶᠢᠨ ᠤ ᠦᠶ᠎ᠡ ᠪᠠ ᠴᠢᠯᠥᠭᠡᠯᠡᠬᠦ ᠳᠠᠶᠢᠨ ᠤ ᠦᠶ᠎ᠡ ᠳᠤ᠂   ᠪᠠᠷᠰ ᠠᠭᠤᠯᠠ ᠪᠣᠯᠤᠨ ᠤᠰᠤᠨ ᠰᠤᠪᠤᠷᠭ᠎ᠠ ᠪᠣᠯᠤᠨ ᠬᠠᠭᠤᠴᠢᠨ ᠭᠤᠯᠢᠷ ᠤᠨ ᠺᠣᠮᠫᠠᠨᠢ ᠶᠢᠨ ᠲᠣᠮᠣ ᠠᠰᠠᠷ ᠢ ᠬᠠᠮᠲᠤ ᠳᠤᠨᠢ ᠵᠢᠨᠢᠩ ᠤᠨ ᠭᠤᠷᠪᠠᠨ ᠶᠡᠭᠡ ᠲᠤᠮᠦ ᠪᠠᠷᠢᠯᠭ᠎ᠠ ᠭᠡᠳᠡᠭ᠃ ᠭᠤᠷᠪᠠᠨ ᠭᠠᠵᠠᠷ ᠨᠢ ᠭᠤᠷᠪᠠᠯᠵᠢᠨ ᠬᠡᠯᠪᠡᠷᠢᠲᠡᠶ ᠵᠢᠭᠰᠠᠵᠤ᠂ ᠬᠠᠷᠢᠯᠴᠠᠨ ᠳᠦᠰᠢᠯᠴᠡᠨ ᠤᠷᠤᠰᠢᠳᠠᠭ ᠪᠣᠯᠬᠤᠷ ᠪᠠᠷᠤᠭ ᠵᠢᠨᠢᠩ ᠳᠤ ᠡᠭᠦᠰᠦᠭᠰᠡᠨ ᠪᠠᠶᠢᠯᠳᠤᠭᠠᠨ ᠨᠢᠭᠡᠪᠦᠷᠢ ᠨᠢ ᠪᠦᠷ ᠡᠨᠡ ᠭᠤᠷᠪᠠᠨ ᠭᠠᠵᠠᠷ ᠲᠠᠢ ᠨᠢᠭᠲᠠ ᠬᠠᠷᠢᠴᠠᠭ᠎ᠠ ᠲᠠᠢ ᠪᠠᠶᠢᠳᠠᠭ᠂ ᠪᠠᠷᠰ ᠠᠭᠤᠯᠠ ᠨᠢ ᠭᠠᠵᠠᠷ ᠤᠨ ᠪᠠᠶᠢᠴᠠ ᠪᠡᠷᠬᠡ ᠪᠠᠷᠲᠠᠭ᠎ᠠ ᠲᠠᠢ  ᠂ ᠥᠨᠳᠥᠷ ᠰᠦᠷᠯᠢᠭ ᠪᠠᠶᠢᠳᠠᠭ᠃      ᠴᠢᠯᠥᠭᠡᠯᠡᠬᠦ ᠳᠠᠶᠢᠨ ᠤ ᠦᠶ᠎ᠡ ᠳᠤ᠂ ᠠᠳᠡ ᠭᠤᠮᠢᠨᠳᠠᠩ ᠡᠪ ᠬᠠᠮᠲᠤ ᠨᠠᠮ ᠬᠤᠶᠠᠷ ᠨᠠᠮ ᠢ ᠬᠠᠮᠤᠭ ᠤᠨ ᠳᠡᠭᠡᠳᠦ ᠬᠡᠮᠵᠢᠶ᠎ᠡ ᠪᠠᠷ ᠨᠥᠯᠥᠭᠡᠯᠡᠬᠦ ᠳᠠᠶᠢᠯᠠᠯᠳᠤᠭᠠᠨ ᠭᠤᠷᠪᠠ ᠤᠳᠠᠭ᠎ᠠ ᠡᠭᠦᠰᠴᠡᠶ᠂ ᠡᠨᠡ ᠭᠤᠷᠪᠠᠨ ᠤᠳᠠᠭᠠᠨ ᠤ ᠠᠯᠳᠠᠷᠲᠤ ᠳᠠᠶᠢᠯᠠᠯᠳᠤᠭᠠᠨ ᠪᠣᠯ᠄ 1946 ᠤᠨ ᠳᠤ ᠵᠢᠨᠢᠩ ᠢ ᠪᠦᠰᠡᠯᠡᠬᠦ ᠳᠠᠶᠢᠯᠠᠯᠳᠤᠭᠠᠨ᠂ 1946᠎  ᠤᠨ ᠳᠤ ᠵᠢᠨᠢᠩ ᠤᠨ ᠳᠠᠶᠢᠯᠠᠯᠳᠤᠭᠠᠨ ᠪᠠ 1948 ᠤᠨ ᠳᠤ ᠵᠢᠨᠢᠩ ᠢ ᠴᠢᠯᠥᠭᠡᠯᠡᠬᠦ ᠳᠠᠶᠢᠯᠠᠯᠳᠤᠭᠠᠨ ᠪᠣᠯᠤᠨ᠎ᠠ᠃      ᠪᠠᠶᠢᠯᠳᠤᠭᠠᠨ ᠤ ᠳᠤᠮᠳᠠ᠂  ᠪᠠᠷᠰ ᠠᠭᠤᠯᠠ ᠪᠣᠯ ᠬᠠᠮᠤᠭ ᠤᠨ ᠬᠠᠷᠠᠰᠠᠯᠲᠠᠶ ᠭᠠᠵᠠᠷ ᠪᠣᠯᠬᠤ ᠶᠤᠮ᠂ ᠣᠳᠣ ᠪᠣᠯᠲᠠᠯ᠎ᠠ  ᠪᠠᠷᠰ ᠠᠭᠤᠯᠠᠨ ᠤ ᠣᠷᠣᠢ ᠳᠡᠭᠡᠷ᠎ᠡ ᠲᠤᠬᠠᠶ ᠶᠢᠨ ᠵᠢᠯ ᠤᠨ ᠫᠤᠤ ᠶᠢᠨ ᠭᠠᠯ ᠤᠨ ᠬᠦᠴᠦᠨ ᠤ ᠦᠯᠡᠳᠡᠭᠰᠡᠨ ᠭᠦᠨ ᠨᠦᠬᠡ ᠪᠠᠶᠢᠵᠦ  ᠂ ᠲᠤᠬᠠᠶ ᠶᠢᠨ ᠦᠶ᠎ᠡ ᠳᠤ ᠪᠠᠶᠢᠭᠤᠯᠤᠭᠰᠠᠨ ᠪᠠᠶᠢᠯᠳᠤᠭᠠᠨ ᠤ ᠰᠤᠪᠠᠭ ᠤᠨ ᠨᠦᠬᠡᠨ ᠵᠠᠮ ᠪᠠ ᠳᠠᠶᠢᠯᠠᠯᠳᠤᠭᠠᠨ ᠤ ᠵᠢᠯᠣᠭᠤᠳᠬᠤ ᠨᠦᠬᠡ ᠶᠢ ᠬᠠᠳᠠᠭᠠᠯᠠᠵᠤ ᠪᠠᠶᠢᠨ᠎ᠠ᠃ ᠨᠦᠬᠡᠨ ᠵᠠᠮ ᠪᠠ ᠵᠢᠯᠣᠭᠤᠳᠬᠤ ᠠᠭᠤᠶ ᠨᠢ  ᠪᠠᠷᠰ ᠠᠭᠤᠯᠠᠨ ᠤ ᠪᠠᠷᠠᠭᠤᠨ ᠬᠠᠵᠠᠭᠤ ᠶᠢᠨ ᠨᠠᠯᠠᠤ ᠪᠠᠯ ᠳᠤ ᠪᠠᠶᠢᠷᠢᠯᠠᠵᠤ᠂ ᠠᠭᠤᠯᠠᠨ ᠠᠭᠤᠶ ᠨᠢ ᠭᠠᠵᠠᠷ ᠤᠨ ᠭᠠᠳᠠᠷᠭᠤ ᠠᠴᠠ 10 ᠮᠧᠲᠷ ᠥᠨᠳᠥᠷ ᠪᠠᠶᠢᠵᠤ᠂ ᠲᠠᠯᠠᠪᠠᠢ ᠨᠢ ᠪᠠᠷᠤᠭ 40 ᠲᠡᠭᠰᠢ ᠳᠥᠷᠪᠡᠯᠵᠢᠨ ᠮᠧᠲᠷ ᠪᠠᠶᠢᠨ᠎ᠠ᠃ 1946 ᠤᠨ ᠤ 9 ᠰᠠᠷ᠎ᠠ ᠳᠤ ᠪᠠᠶᠢᠯᠳᠤᠭᠠᠨ ᠬᠢᠵᠦ᠂ ᠰᠦᠶᠶᠤᠸᠠᠨ ᠤ ᠮᠣᠩᠭᠤᠯ ᠴᠡᠷᠢᠭ ᠤᠨ ᠲᠣᠭᠤᠷᠢᠭ ᠤᠨ ᠺᠣᠮᠠᠨᠳ᠋ᠯᠠᠭᠴᠢ ᠶᠣᠣ ᠵᠧ᠂ ᠤᠯᠤᠰ ᠲᠥᠷᠦ ᠶᠢᠨ ᠭᠡᠰᠢᠭᠦᠨ ᠭᠤᠤ ᠺᠧ ᠯᠢᠨ ᠵᠡᠷᠭᠡ ᠨᠥᠬᠦᠳ ᠠᠭᠤᠶ ᠳᠤ ᠳᠠᠶᠢᠯᠠᠯᠳᠤᠭᠠᠨ ᠢ  ᠵᠢᠯᠤᠭᠤᠳᠴᠠᠢ᠃      ᠭᠤᠷᠪᠠᠨ ᠤᠳᠠᠭᠠᠨ ᠤ ᠵᠢᠨᠢᠩ ᠤᠨ ᠳᠠᠶᠢᠯᠠᠯᠳᠤᠭᠠᠨ ᠳᠤ᠂ ᠦᠯᠡᠮᠵᠢ ᠣᠯᠠᠨ ᠬᠥᠮᠦᠨ ᠴᠠᠴᠠᠷ ᠲᠤ ᠰᠠᠭᠤᠵᠤ ᠰᠢᠶᠳᠪᠦᠷᠢᠲᠦ ᠪᠣᠳᠣᠯᠭ᠎ᠠ ᠭᠠᠷᠭᠠᠭᠰᠠᠨ᠂ ᠡᠰᠡᠬᠦᠯ᠎ᠡ ᠬᠤᠲᠠ ᠶᠢᠨ ᠬᠡᠷᠡᠮ ᠤᠨ ᠳᠣᠤᠷ᠎ᠠ ᠰᠢᠶᠳᠪᠦᠷᠢᠲᠦ ᠪᠠᠶᠢᠯᠳᠤᠭᠠᠨ ᠬᠢᠭᠰᠡᠨ ᠶᠤᠮ᠂ ᠵᠧᠤ ᠡᠸ᠋ᠨ ᠯᠠᠶ᠂  ᠾᠧ ᠯᠦᠡᠭ᠂  ᠨᠢᠶᠧ ᠷᠦᠡᠭ ᠵᠧᠨ᠂  ᠬᠤ᠋ ᠶᠤᠤ ᠪᠠᠨᠭ᠌᠂  ᠯᠦᠸᠧ ᠷᠦᠢ ᠴᠢᠩ᠂ ᠶᠠᠩ ᠴᠧᠩ ᠡᠤ᠂ ᠶᠠᠩ ᠳ᠋ᠧ ᡁᠢ᠂ ᠯᠢ ᠵᠢᠩ ᠴᠢᠤᠸᠠᠨ᠂ ᠢᠦᠶ ᠴᠢᠦ ᠯᠢ᠂ ᠰᠢᠤᠢ ᠭᠤᠸᠠᠩ ᠳ᠋ᠠ ᠁ ᠁  ᠪᠥᠬᠦᠳᠡ ᠨᠠᠶᠢᠷᠠᠮᠳᠠᠬᠤ ᠤᠯᠤᠰ ᠎ ᠤᠨ ᠵᠠᠩᠵᠤᠨ ᠪᠣᠯᠤᠭᠰᠠᠨ ᠬᠥᠮᠦᠨ 60 ᠭᠠᠷᠦᠢ ᠪᠠᠶᠢᠵᠠᠶ᠃      1946᠎ ᠤᠨ 1 ᠰᠠᠷ᠎ᠠ ᠳᠤ ᠰᠦᠨ ᠯᠠᠨ ᠹᠧᠩ ᠢ ᠲᠣᠮᠢᠯᠠᠨ ᠭᠤᠮᠢᠨᠳᠠᠩ ᠎ ᠤᠨ ᠴᠡᠷᠢᠭ᠂ ᠬᠠᠭᠤᠷᠮᠠᠭ ᠮᠣᠩᠭᠤᠯ ᠤᠨ ᠮᠣᠷᠢᠲᠤ ᠴᠡᠷᠢᠭ 4000 ᠭᠠᠷᠤᠶ ᠬᠥᠮᠦᠨ ᠢ ᠳᠠᠭᠠᠭᠤᠯᠵᠤ᠂ 13᠎ ᠤ ᠡᠳᠦᠷ ᠵᠢᠨᠢᠩ ᠢ ᠭᠡᠨᠡᠳᠡᠭᠦᠯᠦᠨ ᠳᠠᠭᠠᠷᠢᠪᠠ᠃ ᠴᠢᠯᠥᠭᠡᠯᠡᠬᠦ ᠴᠡᠷᠢᠭ ᠡᠰᠡᠷᠭᠦᠴᠡᠵᠦ ᠪᠠᠶᠢᠭᠰᠠᠨ ᠪᠣᠯᠪᠠᠴᠤ ᠴᠥᠭᠡᠨ ᠢᠶᠠᠷ ᠤᠯᠠᠨ ᠢ ᠲᠠᠶᠢᠯᠵᠤ ᠴᠢᠳᠠᠭᠰᠠᠨ ᠦᠭᠡᠢ ᠲᠤᠯᠠ ᠲᠦᠷ ᠴᠠᠭ ᠤᠬᠤᠷᠢᠨ ᠭᠠᠷᠬᠤ ᠪᠠᠷ ᠲᠣᠭᠲᠠᠵᠤ᠂ 14᠎ ᠤ ᠡᠳᠦᠷ ᠤᠨ 8 ᠴᠠᠭ ᠲᠤ ᠵᠢᠨᠢᠩ ᠢ ᠡᠵᠡᠯᠡᠪᠡ᠃ ᠳᠠᠷᠠᠭ᠎ᠠ ᠨᠢ᠂ ᠶᠣᠣ ᠵᠧ ᠺᠣᠮᠠᠨᠳ᠋ᠯᠠᠭᠴᠢ ᠶᠢᠨ ᠴᠡᠷᠢᠭ ᠤᠨ ᠲᠣᠭᠤᠷᠢᠭ ᠤᠨ 27 ᠳ᠋ᠤᠭᠠᠷ ᠬᠤᠷᠢᠶ᠎ᠠ ᠶᠢ ᠳᠠᠶᠢᠴᠢᠯᠠᠨ ᠵᠦᠸᠧ ᠽᠢ ᠱᠠᠨ ᠠᠴᠠ ᠵᠢᠨᠢᠩ ᠳᠤ ᠪᠤᠴᠠᠨ ᠢᠷᠡᠵᠦ᠂ ᠮᠣᠷᠢᠲᠤ ᠴᠡᠷᠢᠭ ᠤᠨ ᠪᠠᠷᠢᠭᠠᠳᠠ ᠲᠤᠤ ᠯᠢᠨ ᠠᠴᠠ ᠵᠢᠨᠢᠩ ᠳᠤ ᠬᠦᠷᠴᠦ᠂  ᠵᠢᠢ ᠶᠢᠨ ᠴᠤᠪᠤᠭ᠎ᠠ ᠠᠩᠭᠢ ᠶᠢᠨ ᠮᠠ ᠯᠦᠩ ᠤᠨ ᠴᠡᠷᠢᠭ ᠠᠩᠭᠢ᠂ ᠴᠧᠨ ᠹᠦ᠋ ᠷᠧᠨ ᠤ ᠴᠡᠷᠢᠭ ᠠᠩᠭᠢ ᠴᠤ ᠹᠧᠩᠵᠧᠨ᠂ ᠢᠦᠶ ᠵᠢᠶᠠ ᠱᠠᠨ ᠵᠡᠷᠭᠡ ᠭᠠᠵᠠᠷ ᠠᠴᠠ ᠵᠢᠨᠢᠩ ᠳᠤ ᠲᠤᠰᠠᠯᠠᠪᠠ᠃ ᠴᠢᠯᠥᠭᠡᠯᠡᠬᠦ ᠴᠡᠷᠢᠭ ᠤᠨ ᠡᠯ᠎ᠡ ᠴᠡᠷᠢᠭ ᠠᠩᠭᠢ 17᠎ ᠤ ᠡᠳᠦᠷ ᠤᠨ 18 ᠴᠠᠭ 30 ᠮᠢᠨᠦ᠋ᠲ ᠲᠤ ᠨᠢᠭᠡᠳᠦᠯᠲᠡᠶ ᠬᠤᠲᠠ ᠶᠢᠨ ᠬᠡᠷᠡᠮ ᠵᠦᠭ ᠶᠡᠷᠦᠩᠬᠡᠶ ᠳᠠᠭᠠᠷᠢᠯᠲᠠ ᠶᠠᠪᠤᠭᠤᠯᠪᠠ᠃ 18᠎ ᠤ ᠡᠳᠦᠷ ᠤᠨ ᠥᠷᠯᠥᠭᠡ᠂ ᠨᠢᠭᠡ ᠰᠥᠨᠢ ᠶᠢᠨ ᠰᠢᠷᠦᠭᠦᠨ ᠪᠠᠶᠢᠯᠳᠤᠭᠠᠨ ᠢᠶᠠᠷ ᠳᠠᠮᠵᠢᠨ᠂ ᠵᠢᠨᠢᠩ ᠠᠮᠵᠢᠯᠲᠠ ᠣᠯᠪᠠ᠃ ᠡᠨᠡ ᠤᠳᠠᠭᠠᠨ ᠤ ᠳᠠᠶᠢᠯᠠᠯᠳᠤᠭᠠᠨ ᠳᠤ᠂ ᠬᠤᠲᠠ ᠶᠢ ᠳᠠᠭᠠᠷᠢᠨ ᠴᠣᠬᠢᠬᠤ ᠴᠡᠷᠢᠭ ᠠᠩᠭᠢ ᠶᠢᠨ 27 ᠳ᠋ᠤᠭᠠᠷ ᠬᠤᠷᠢᠶ᠎ᠠ ᠶᠢᠨ ᠨᠢᠭᠡ ᠲᠠᠰᠤᠭ ᠨᠢ ᠪᠠᠷᠠᠭᠤᠨ ᠬᠤᠲᠠ ᠶᠢᠨ ᠬᠡᠷᠡᠮ ᠤᠨ ᠬᠤᠲᠠᠨ ᠳᠣᠲᠣᠷ᠎ᠠ ᠰᠢᠷᠭᠤᠨ ᠣᠷᠣᠵᠤ᠂ ᠳᠠᠶᠢᠰᠤᠨ ᠲᠠᠢ ᠲᠠᠭᠠᠷᠠᠯᠳᠤᠵᠤ᠂ ᠬᠠᠷᠠᠰᠠᠯᠲᠠᠶ ᠪᠠᠷ ᠲᠤᠯᠤᠯᠳᠤᠭᠰᠠᠨ ᠤ ᠳᠠᠷᠠᠭ᠎ᠠ᠂ ᠨᠢᠭᠡ ᠯᠡ ᠬᠥᠮᠦᠨ ᠠᠮᠢᠳᠤ ᠪᠤᠴᠠᠵᠠᠶ᠃       1946᠎ ᠤᠨ 9 ᠰᠠᠷ᠎ᠠ ᠶᠢᠨ 1᠎ ᠤ ᠡᠳᠦᠷ 32ᠲᠦᠮᠡᠨ ᠴᠡᠷᠢᠭ ᠠᠩᠭᠢ ᠭᠤᠷᠪᠠᠨ ᠵᠠᠮ ᠬᠤᠪᠢᠶᠠᠨ ᠵᠢᠨᠢᠩ ᠢ ᠳᠣᠪᠲᠣᠯᠪᠠ᠃ ᠴᠢᠯᠥᠭᠡᠯᠡᠬᠦ ᠴᠡᠷᠢᠭ ᠴᠢᠮᠡᠭᠡ ᠨᠡᠪᠲᠡᠷᠡᠯᠴᠡᠬᠦ ᠰᠠᠭᠠᠳ ᠠᠴᠠ ᠪᠣᠯᠵᠤ ᠰᠡᠩᠳᠡ ᠮᠡᠩᠳᠡ ᠤᠭᠲᠤᠨ ᠪᠠᠶᠢᠯᠳᠤᠵᠤ᠂ ᠠᠷᠪᠠᠨ ᠬᠡᠳᠦᠨ ᠡᠳᠦᠷ ᠤᠨ ᠪᠠᠶᠢᠯᠳᠤᠭᠠᠨ ᠢ ᠥᠩᠭᠡᠷᠡᠭᠡᠭᠡᠳ 13᠎ ᠤ ᠣᠷᠣᠢ ᠤᠬᠤᠷᠢᠪᠠ᠃ ᠬᠤᠶᠠᠳᠤᠭᠠᠷ ᠤᠳᠠᠭᠠᠨ ᠤ ᠵᠢᠨᠢᠩ ᠤᠨ ᠳᠠᠶᠢᠯᠠᠯᠳᠤᠭᠠᠨ ᠳᠤ᠂ ᠴᠢᠯᠥᠭᠡᠯᠡᠬᠦ ᠴᠡᠷᠢᠭ ᠤᠨ 27 ᠳ᠋ᠤᠭᠠᠷ ᠬᠤᠷᠢᠶᠠᠨ ᠤ 2 ᠳ᠋ᠤᠭᠠᠷ ᠪᠠᠲᠯᠢᠶᠣᠨ ᠤ 6 ᠳ᠋ᠤᠭᠠᠷ ᠰᠤᠮᠤ  ᠸᠧ ᠯᠦᠩ ᠱᠠᠨ ᠠᠭᠤᠯᠠᠨ ᠳᠤ ᠪᠠᠬᠢᠯᠡᠯᠲᠡ ᠰᠠᠬᠢᠵᠤ᠂ ᠲᠩᠷᠢ ᠳᠡᠭᠡᠷᠡᠬᠢ ᠳᠠᠶᠢᠰᠤᠨ ᠤ ᠨᠢᠰᠬᠡᠯ ᠤᠨ ᠭᠠᠯᠵᠠᠭᠤᠷᠠᠭᠰᠠᠨ ᠮᠡᠲᠦ ᠳᠡᠯᠪᠡᠴᠢᠯᠲᠡ ᠪᠠ ᠭᠠᠵᠠᠷ ᠳᠡᠭᠡᠷᠡᠬᠢ ᠰᠢᠷᠦᠭᠦᠨ ᠭᠠᠯᠯᠠᠯᠲᠠ ᠶᠢ ᠲᠤᠭᠤᠯᠵᠦ᠂ ᠳᠠᠶᠢᠰᠤᠨ ᠤ ᠰᠢᠷᠦᠭᠦᠨ ᠳᠠᠭᠠᠷᠢᠯᠲᠠ ᠶᠢ ᠡᠷᠡᠰ ᠰᠢᠭᠤᠷᠬᠠᠶ ᠪᠠᠷ ᠴᠣᠬᠢᠨ ᠤᠬᠤᠷᠢᠭᠤᠯᠵᠤ᠂ ᠰᠤᠮᠤ ᠳᠠᠷᠢ ᠨᠢ ᠬᠡᠷᠡᠭᠯᠡᠵᠦ ᠳᠠᠭᠤᠰᠤᠭᠰᠠᠨ ᠤ ᠳᠠᠷᠠᠭ᠎ᠠ᠂ ᠳᠠᠶᠢᠰᠤᠨ ᠲᠠᠢ ᠣᠶᠢᠷ᠎ᠠ ᠬᠠᠪᠢ ᠳᠠᠭᠠᠨ ᠡᠷᠡᠯᠬᠡᠭᠯᠡᠨ ᠪᠠᠶᠢᠯᠳᠤᠵᠤ᠂ ᠪᠠᠷᠤᠭ ᠪᠦᠬᠦᠨ ᠢᠶᠠᠷ ᠢᠶᠠᠨ ᠪᠠᠭᠠᠲᠤᠷᠯᠢᠭ ᠢᠶᠠᠷ ᠪᠡᠶ᠎ᠡ ᠦᠷᠡᠭᠳᠡᠵᠦ᠂ ᠶᠡᠭᠡ ᠴᠡᠷᠢᠭ ᠠᠩᠭᠢ ᠶᠢᠨ ᠤᠬᠤᠷᠢᠬᠤ ᠴᠠᠭ  ᠎ ᠢ ᠲᠡᠮᠡᠴᠡᠨ ᠣᠯᠵᠠᠶ᠃       ᠭᠤᠷᠪᠠᠳᠤᠭᠠᠷ ᠤᠳᠠᠭᠠᠨ ᠤ ᠵᠢᠨᠢᠩ ᠤᠨ ᠳᠠᠶᠢᠯᠠᠯᠳᠤᠭᠠᠨ ᠳᠤ᠂ ᠵᠢᠨᠢᠩ ᠤᠨ ᠴᠡᠷᠢᠭ ᠤᠨ ᠲᠣᠭᠤᠷᠢᠭ ᠤᠨ ᠭᠤᠷᠪᠠᠳᠤᠭᠠᠷ  ᠴᠡᠷᠢᠭ  ᠎ ᠤᠨ ᠲᠤᠭᠤᠷᠢᠭ  ᠎ ᠤᠨ ᠤᠯᠠᠭᠠᠨ ᠡᠯᠡᠰᠦᠨ ᠬᠠᠰᠢᠯᠭ᠎ᠠ ᠶᠢᠨ ᠬᠤᠷᠢᠭᠯᠠᠨ ᠴᠣᠬᠢᠬᠤ ᠪᠠᠶᠢᠯᠳᠤᠭᠠᠨ᠂ ᠳ᠋ᠠ ᠲᠤ ᠴᠧᠩ ᠤᠨ ᠰᠥᠨᠥᠭᠡᠬᠦ ᠪᠠᠶᠢᠯᠳᠤᠭᠠᠨ᠂ ᠰᠠᠷᠭᠠᠶ ᠴᠡᠴᠡᠭ ᠤᠨ ᠪᠠᠲᠯᠢᠶᠣᠨ ᠤ ᠬᠤᠷᠢᠭᠯᠠᠨ ᠴᠣᠬᠢᠬᠤ ᠪᠠᠶᠢᠯᠳᠤᠭᠠᠨ᠂ ᠨᠠᠨ ᠬᠤᠤ ᠴᠢᠶᠠᠨ ᠤ ᠬᠤᠷᠢᠭᠯᠠᠨ ᠴᠣᠬᠢᠬᠤ ᠪᠠᠶᠢᠯᠳᠤᠭᠠᠨ ᠵᠡᠷᠭᠡ ᠭᠠᠳᠠᠷ ᠪᠦᠰᠡᠯᠡᠯᠲᠡ ᠶᠢᠨ ᠳᠠᠶᠢᠯᠠᠯᠳᠤᠭᠠᠨ ᠢ ᠵᠠᠯᠭᠠᠭ᠎ᠠ ᠪᠠᠷ ᠪᠡᠶᠡᠯᠡᠭᠦᠯᠦᠭᠰᠡᠨ ᠤ ᠲᠠᠷᠠᠭ᠎ᠠ᠂ 1948᠎ ᠤᠨ 9 ᠰᠠᠷ᠎ᠠ ᠶᠢᠨ 26᠎ ᠤ ᠡᠳᠦᠷ ᠤᠨ ᠥᠷᠯᠥᠭᠡ ᠶᠢᠨ 2 ᠴᠠᠭ ᠲᠤ ᠵᠢᠨᠢᠩ ᠢ ᠪᠦᠰᠡᠯᠡᠭᠡᠳ᠂ 26᠎ ᠤ ᠡᠳᠦᠷ ᠤᠨ ᠦᠳᠡ ᠬᠤᠶᠢᠨᠠᠬᠢ 6 ᠴᠠᠭ 30 ᠮᠢᠨᠦ᠋ᠲ ᠲᠤ ᠬᠤᠲᠠ ᠶᠢ ᠳᠠᠭᠠᠷᠢᠬᠤ ᠪᠠᠶᠢᠯᠳᠤᠭᠠᠨ ᠬᠢᠵᠦ᠂ 17 ᠴᠠᠭ ᠤᠨ ᠪᠠᠶᠢᠯᠳᠤᠭᠠᠨ ᠢ ᠥᠩᠭᠡᠷᠡᠭᠡᠭᠡᠳ᠂ ᠳᠠᠶᠢᠰᠤᠨ ᠤ ᠴᠡᠷᠢᠭ ᠤᠨ ᠨᠡᠶᠢᠲᠡ 3535 ᠳᠠᠷᠤᠭ᠎ᠠ ᠪᠠᠶᠢᠯᠳᠤᠭᠴᠢᠳ ᠢ ᠠᠯᠠᠵᠤ ᠰᠢᠷᠬᠠᠲᠤᠭᠤᠯᠵᠤ᠂ ᠣᠯᠵᠠᠯᠠᠨ‌ᠠᠪᠴᠦ᠂ ᠶᠡᠭᠡ ᠬᠡᠮᠵᠢᠶᠡᠨ ᠤ ᠵᠠᠷ ᠵᠡᠪᠰᠡᠭ ᠤᠨ ᠠᠴᠢᠶ᠎ᠠ ᠬᠥᠰᠬᠡ ᠶᠢ ᠳᠠᠷᠤᠭᠰᠠᠨ ᠪᠠᠶᠢᠨ᠎ᠠ᠃        ᠭᠤᠷᠪᠠᠨ ᠤᠳᠠᠭᠠᠨ ᠤ ᠳᠠᠶᠢᠯᠠᠯᠳᠤᠭᠠᠨ ᠳᠤ ᠴᠢᠯᠥᠭᠡᠯᠡᠬᠦ ᠴᠡᠷᠢᠭ ᠣᠯᠵᠠᠯᠠᠭᠳᠠᠭᠰᠠᠨ ᠳᠠᠶᠢᠰᠤᠨ ᠢ ᠨᠡᠶᠢᠲᠡ 1.68 ᠲᠦᠮᠡ ᠭᠠᠷᠤᠶ ᠰᠥᠨᠥᠭᠡᠪᠡ᠂ ᠭᠡᠪᠡᠴᠦ ᠴᠢᠯᠥᠭᠡᠯᠡᠬᠦ ᠴᠡᠷᠢᠭ ᠬᠡᠴᠢᠨᠡᠨ ᠣᠯᠠᠨ ᠳᠠᠷᠤᠭ᠎ᠠ ᠪᠠᠶᠢᠯᠳᠤᠭᠴᠢ ᠪᠠᠨ ᠦᠷᠡᠭᠳᠡᠭᠦᠯᠦᠭᠰᠡᠨ ᠪᠣᠯᠪᠠᠴᠤ ᠶᠡᠷᠦ ᠨᠢ ᠤᠨᠤᠪᠴᠢᠲᠠᠢ ᠪᠦᠷᠢᠳᠬᠡᠬᠦ ᠳᠤ ᠪᠡᠷᠬᠡᠲᠡᠶ ᠪᠠᠶᠢᠪᠠ᠃ ᠡᠳᠡᠭᠡᠷ ᠦᠷᠡᠭᠳᠡᠭᠰᠡᠨ ᠪᠠᠭᠠᠲᠤᠷᠴᠤᠳ ᠤᠨ ᠣᠯᠠᠩᠬᠢ ᠨᠢ ᠨᠡᠷ᠎ᠡ ᠪᠠᠨ ᠴᠦ ᠦᠯᠡᠳᠡᠭᠡᠭᠰᠡᠨ ᠦᠭᠡᠢ᠃ ᠲᠡᠳᠡᠨ ᠢ ᠳᠤᠷᠠᠰᠬᠠᠬᠤ ᠶᠢᠨ ᠲᠥᠯᠥᠭᠡ᠂ 1960᠎ ᠤᠨ 8 ᠰᠠᠷ᠎ᠠ ᠶᠢᠨ 1᠎ ᠤ ᠡᠳᠦᠷ ᠵᠢᠨᠢᠩ ᠬᠤᠲᠠ ᠶᠢᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠠᠩᠬᠠᠳᠤᠭᠠᠷ ᠬᠤᠷᠠᠯᠳᠤᠭᠠᠨ ᠠᠴᠠ  ᠪᠠᠷᠰ ᠠᠭᠤᠯᠠᠨ ᠳᠤ ᠬᠤᠪᠢᠰᠬᠠᠯ ᠤᠨ ᠦᠷᠡᠭᠳᠡᠭᠰᠡᠨ ᠪᠠᠭᠠᠲᠤᠷᠴᠤᠳ ᠢ  ᠲᠤᠷᠠᠰᠬᠠᠬᠤ ᠭᠦᠰᠢᠶ᠎ᠡ ᠪᠠᠶᠢᠭᠤᠯᠬᠤ ᠵᠥᠪᠯᠡᠯᠭᠡ ᠶᠢ ᠪᠠᠲᠤᠯᠠᠪᠠ᠃ 20 ᠮᠧᠲᠷ ᠥᠨᠳᠥᠷ ᠬᠤᠪᠢᠰᠬᠠᠯ ᠤᠨ ᠦᠷᠡᠭᠳᠡᠭᠰᠡᠨ ᠪᠠᠭᠠᠲᠤᠷ ᠤᠨ ᠳᠤᠷᠠᠰᠬᠠᠯ ᠤᠨ ᠬᠦᠰᠢᠶ᠎ᠡ᠂ ᠪᠠᠷᠰ  ᠠᠭᠤᠯᠠᠨ ᠤ ᠣᠷᠣᠢ ᠳᠡᠭᠡᠷ᠎ᠡ ᠰᠡᠬᠦ᠋ᠢᠨ‌‍ᠰᠦ᠋ᠨᠳᠡᠷᠯᠡᠨ᠎ᠡ᠃ 1988᠎ ᠤᠨ 3 ᠰᠠᠷ᠎ᠠ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠤᠤᠯᠳᠠᠯᠭ᠎ᠠ ᠲᠠᠢ ᠦᠷᠡᠭᠳᠡᠭᠰᠡᠨ ᠪᠠᠭᠠᠲᠤᠷᠴᠤᠳ ᠤᠨ ᠳᠤᠷᠠᠰᠬᠠᠯ ᠤᠨ ᠪᠠᠷᠢᠯᠭ᠎ᠠ ᠶᠢ ᠬᠠᠮᠠᠭᠠᠯᠠᠬᠤ ᠨᠢᠭᠡᠴᠢ ᠪᠣᠯᠵᠤ᠂ 2009᠎ ᠤᠨ ᠳᠤ ᠲᠥᠷᠦ ᠶᠢᠨ ᠶᠠᠪᠤᠳᠠᠯ ᠤᠨ ᠬᠤᠷᠢᠶ᠎ᠠ ᠠᠴᠠ ᠪᠦᠬᠦ ᠤᠯᠤᠰ ᠤᠨ ᠭᠤᠤᠯᠳᠠᠯᠭ᠎ᠠ ᠲᠠᠢ ᠦᠷᠡᠭᠳᠡᠭᠰᠡᠨ ᠪᠠᠭᠠᠲᠤᠷᠴᠤᠳ ᠤᠨ ᠳᠤᠷᠠᠰᠬᠠᠯ ᠤᠨ ᠪᠠᠷᠢᠯᠭ᠎ᠠ ᠶᠢ ᠬᠠᠮᠠᠭᠠᠯᠠᠬᠤ ᠨᠢᠭᠡᠴᠢ ᠪᠠᠷ ᠵᠥᠪᠰᠢᠶᠡᠷᠡᠭᠳᠡᠪᠡ᠃  ᠬᠠᠨᠭ᠍ᠰᠢ ᠪᠤᠯᠬᠤ ᠳᠤ᠂ ᠬᠦᠮᠦᠰ ᠦᠷᠭᠦᠯᠵᠢ  ᠬᠦᠰᠢᠶ᠎ᠡ  ᠎ ᠶᠢ ᠬᠠᠷᠠᠵᠤ᠂ ᠦᠷᠡᠭᠳᠡᠭᠰᠡᠨ ᠪᠠᠭᠠᠲᠤᠷᠴᠤᠳ ᠲᠠᠭᠠᠨ ᠬᠦᠨᠳᠦᠳᠬᠡᠯ ᠳᠡᠪᠰᠢᠭᠦᠯᠳᠡᠭ᠃        2003 ᠤᠨ ᠠᠴᠠ ᠡᠬᠢᠯᠡᠨ᠂ ᠵᠢᠨᠢᠩ ᠲᠣᠭᠤᠷᠢᠭ ᠤᠨ ᠵᠠᠰᠠᠭ ᠤᠨ ᠣᠷᠳᠣᠨ ᠠᠴᠠ  ᠪᠠᠷᠰ ᠴᠡᠴᠡᠷᠯᠢᠭ ᠲᠤ ᠳᠠᠬᠢᠨ ᠲᠥᠯᠥᠪᠵᠢᠭᠦᠯᠪᠡ ᠪᠠ ᠵᠢᠷᠤᠭ ᠲᠥᠯᠥᠪᠯᠡᠭᠡ ᠬᠢᠵᠦ᠂  ᠪᠠᠷᠰ ᠠᠭᠤᠯᠠ ᠢ ᠬᠤᠲᠠ ᠶᠢᠨ ᠠᠮᠢ ᠠᠬᠤᠢ ᠶᠢᠨ ᠴᠡᠴᠡᠷᠯᠢᠭ ᠪᠣᠯᠭᠠᠨ ᠪᠠᠶᠢᠭᠤᠯᠪᠠ᠃ ᠴᠡᠴᠡᠷᠯᠢᠭ ᠨᠢ 9 ᠲᠣᠭᠤᠷᠢᠭ ᠢ ᠪᠠᠶᠢᠭᠤᠯᠵᠤ᠂ ᠬᠦᠷᠬᠢᠷ᠎ᠡ ᠶᠢᠨ ᠲᠣᠭᠤᠷᠢᠭ᠂  ᠲᠤᠷᠠᠰᠬᠠᠯᠳᠦ ᠬᠦᠰᠢᠶ᠎ᠡ ᠶᠢᠨ ᠲᠣᠭᠤᠷᠢᠭ᠂ ᠤᠷᠭᠤᠮᠠᠯ ᠴᠡᠴᠡᠷᠯᠢᠭ ᠤᠨ ᠲᠣᠭᠤᠷᠢᠭ᠂  ᠪᠠᠷᠰ ᠴᠢᠯᠠᠭᠤᠨ ᠲᠣᠭᠤᠷᠢᠭ᠂  ᠪᠠᠷᠰ ᠠᠭᠤᠯᠠᠨ ᠤ ᠵᠤᠭ᠎ᠠ ᠴᠡᠩᠭᠡᠯ ᠤᠨ ᠲᠣᠭᠤᠷᠢᠭ᠂ ᠵᠤᠤ ᠵᠢᠶᠠ  ᠬᠦᠷᠢᠶᠡᠯᠡᠩ ᠲᠣᠭᠤᠷᠢᠭ᠂ ᠯᠣᠤ ᠲᠠᠨ ᠲᠣᠭᠤᠷᠢᠭ ᠵᠡᠷᠭᠡ ᠪᠠᠶᠢᠵᠤ᠂ ᠣᠳᠣ ᠶᠢᠨ ᠪᠠᠷᠰ ᠠᠭᠤᠯᠠ ᠨᠢ ᠨᠢᠭᠡᠨᠲᠡ ᠠᠮᠢ ᠠᠬᠤᠢ ᠶᠢᠨ ᠪᠦᠲᠦᠭᠡᠨ ᠪᠠᠶᠢᠭᠤᠯᠤᠯᠲᠠ᠂ ᠰᠡᠯᠡᠭᠦᠴᠡᠯ᠂ ᠵᠤᠭ᠎ᠠ ᠴᠡᠩᠭᠡᠯ᠂ ᠬᠤᠪᠢᠰᠬᠠᠯ ᠤᠨ ᠵᠢᠭᠤᠯᠴᠢᠯᠠᠯ ᠢ ᠨᠢᠭᠡ ᠴᠣᠭᠴᠠᠵᠢᠭᠤᠯᠤᠭᠰᠠᠨ ᠬᠤᠲᠠ ᠶᠢᠨ ᠭᠤᠤᠯ ᠴᠡᠴᠡᠷᠯᠢᠭ ᠪᠣᠯᠤᠭᠰᠠᠨ ᠪᠠᠶᠢᠨ᠎ᠠ᠃       ᠬᠦᠷᠬᠢᠷ᠎ᠡ ᠲᠣᠭᠤᠷᠢᠭ ᠨᠢ ᠲᠣᠮᠣ ᠬᠡᠯᠪᠡᠷᠢ ᠶᠢᠨ ᠠᠭᠤᠯᠠ ᠬᠠᠶᠢᠷᠬᠠᠨ ᠤ ᠬᠦᠷᠬᠢᠷ᠎ᠡ ᠶᠢᠨ ᠦᠵᠡᠮᠵᠢ ᠪᠠᠶᠢᠵᠤ᠂ ᠵᠣᠨ ᠤ ᠤᠯᠠᠷᠢᠯ ᠤᠨ ᠤᠰᠤ ᠨᠢ 20 ᠮᠧᠲᠷ ᠤᠨ ᠥᠨᠳᠥᠷ ᠠᠴᠠ ᠳᠣᠷᠣᠭᠰᠢ ᠴᠢᠳᠬᠤᠯᠠᠨ᠂ ᠲᠣᠮᠣ ᠬᠡᠯᠪᠡᠷᠢ ᠶᠢᠨ ᠬᠦᠷᠬᠢᠷ᠎ᠡ ᠶᠢᠨ ᠦᠵᠡᠮᠵᠢ ᠶᠢ ᠪᠣᠶ ᠪᠣᠯᠭᠠᠳᠠᠭ᠃ ᠲᠤᠷᠠᠰᠬᠠᠯᠳᠦ ᠠᠭᠤᠳᠠᠮ ᠲᠠᠯᠠᠪᠠᠢ ᠨᠢ ᠣᠢ ᠰᠢᠭᠤᠶ ᠶᠢᠨ ᠠᠭᠤᠳᠠᠮ ᠲᠠᠯᠠᠪᠠᠢ ᠪᠠᠶᠢᠵᠤ᠂ ᠡᠷᠭᠢᠨ ᠲᠣᠭᠤᠷᠢᠨ ᠳᠤᠨᠢ ᠴᠢᠯᠠᠭᠤᠨ ᠰᠡᠶᠢᠯᠦᠮᠡᠯ ᠪᠠ ᠴᠢᠯᠠᠭᠤᠨ ᠰᠡᠶᠢᠯᠦᠮᠡᠯ ᠢᠶᠠᠷ ᠴᠢᠯᠥᠭᠡᠯᠡᠬᠦ ᠴᠡᠷᠢᠭ ᠤᠨ ᠪᠠᠶᠢᠯᠳᠤᠭᠴᠢᠳ ‍ᠤᠨ‌‍ᠰᠦ᠋ᠷ ᠵᠢᠪᠬᠤᠭ᠎ᠠ ᠶᠢ ᠲᠡᠮᠳᠡᠭᠯᠡᠪᠡ᠃ ᠤᠷᠭᠤᠮᠠᠯ ᠴᠡᠴᠡᠷᠯᠢᠭ ᠤᠨ ᠲᠣᠭᠤᠷᠢᠭ ᠤᠨ ᠡᠷᠭᠢᠯᠲᠡ ᠶᠢᠨ ᠳᠥᠷᠪᠡᠨ ᠤᠯᠠᠷᠢᠯ ᠤᠨ 7 ᠦᠵᠡᠮᠵᠢ᠄ ᠪᠠᠷᠰ ᠠᠭᠤᠯᠠ ᠶᠢᠨ ᠬᠠᠪᠤᠷ ᠤᠨ ᠥᠩᠭᠡ᠂ ᠥᠩᠭᠡ ᠪᠦᠷᠢ ᠶᠢᠨ ᠴᠡᠴᠡᠭ ᠮᠢᠷᠠᠯᠵᠠᠨ ᠳᠡᠯᠭᠡᠷᠡᠬᠦ᠂ ᠪᠠᠷᠰ ᠠᠭᠤᠯᠠ ᠶᠢᠨ ᠨᠠᠮᠤᠷ ᠤᠨ ᠥᠩᠭᠡ᠂ ᠡᠪᠦᠯ ᠤᠨ ᠴᠠᠰᠤ ᠲᠠᠢ ᠨᠠᠷᠠᠰᠤᠨ ᠣᠢ ᠵᠢᠴᠢ ᠲᠤᠭᠤᠷ ᠤᠨ ᠴᠡᠴᠡᠭ ᠤᠨ ᠬᠦᠷᠢᠶᠡᠯᠡᠩ᠂ ᠠᠩᠬᠢᠯᠤᠮᠠᠯ ᠴᠡᠴᠡᠭ ᠤᠨ ᠬᠦᠷᠢᠶᠡᠯᠡᠩ᠂ ᠠᠮᠠᠷᠠᠭ ᠴᠡᠴᠡᠷᠯᠢᠭ ᠵᠡᠷᠭᠡ ᠲᠠᠷᠬᠠᠵᠤ  ᠪᠠᠶᠢᠳᠠᠭ᠃       2010᠎ ᠤᠨ 10 ᠰᠠᠷ᠎ᠠ ᠶᠢᠨ 29᠎ ᠤ ᠡᠳᠦᠷ᠂ ᠵᠢᠨᠢᠩ ᠤᠨ ᠳᠠᠶᠢᠯᠠᠯᠳᠤᠭᠠᠨ ᠤ ᠳᠤᠷᠠᠰᠬᠠᠯ ᠤᠨ ᠣᠷᠳᠣᠨ ᠎ ᠨᠢ ᠪᠠᠷᠰ ᠠᠭᠤᠯᠠ ᠶᠢᠨ ᠬᠤᠷᠮᠣᠶ ᠳᠤ ᠪᠠᠶᠢᠭᠤᠯᠤᠭᠳᠠᠵᠤ᠂   ᠪᠠᠷᠰ ᠠᠭᠤᠯᠠ ᠭᠡᠬᠦ ᠡᠨᠡᠬᠦ ᠬᠤᠪᠢᠰᠬᠠᠯᠲᠤ ᠵᠤᠭᠠᠴᠠᠯ ᠤᠨ ᠰᠠᠭᠤᠷᠢᠨ ᠭᠠᠵᠠᠷ ᠲᠤ ᠪᠠᠰᠠ ᠨᠢᠭᠡ ᠦᠵᠡᠮᠵᠢ ᠨᠡᠮᠡᠷᠢᠯᠡᠭᠰᠡᠨ ᠪᠠᠶᠢᠨ᠎ᠠ᠃ ᠳᠤᠷᠠᠰᠬᠠᠯ ᠤᠨ ᠣᠷᠳᠣᠨ ᠢ ᠳᠡᠭᠡᠷ᠎ᠡ ᠳᠣᠤᠷ᠎ᠠ ᠬᠤᠶᠠᠷ ᠳᠠᠪᠬᠤᠷᠭ᠎ᠠ ᠬᠤᠪᠢᠶᠠᠵᠤ᠂ ᠦᠵᠡᠭᠦᠯᠦᠯᠭᠡ ᠶᠢᠨ ᠱᠤᠭᠤᠮ ᠤᠨ ᠪᠦᠬᠦ ᠤᠷᠳᠤ ᠨᠢ 612 ᠤᠷᠲᠤᠳᠬᠠᠯ ᠮᠧᠲᠷ ᠪᠠᠶᠢᠵᠤ᠂ ᠶᠠᠫᠣᠨ ᠢ ᠡᠰᠡᠷᠭᠦᠴᠡᠬᠦ ᠳᠠᠶᠢᠨ ᠤ ᠢᠯᠠᠯᠲᠠ ᠣᠯᠤᠭᠰᠠᠨ᠂  ᠵᠢᠨᠢᠩ ᠤᠨ ᠪᠤᠯᠢᠶᠠᠯᠳᠤᠭᠠᠨ᠂ ᠵᠢᠨᠢᠩ ᠤᠨ ᠪᠤᠯᠢᠶᠠᠯᠳᠤᠬᠤ ᠳᠠᠶᠢᠯᠠᠯᠳᠤᠭᠠᠨ᠂ ᠳ᠋ᠠᠲ᠋ᠤᠩ ᠵᠢᠨᠢᠩ ᠤᠨ ᠳᠠᠶᠢᠯᠠᠯᠳᠤᠭᠠᠨ—— ᠵᠢᠨᠢᠩ ᠢ ᠴᠢᠯᠥᠭᠡᠯᠡᠬᠦ᠂ ᠡᠮᠦᠨ᠎ᠡ ᠹᠷᠣᠨᠲ ᠢ ᠲᠤᠰᠠᠯᠠᠬᠤ᠂ ᠠᠭᠤᠤ ᠭᠠᠪᠢᠶ᠎ᠠ ᠠᠤᠭ᠎ᠠ ᠵᠢᠳᠬᠦᠯ ᠢ ᠳᠤᠷᠠᠰᠤᠨ ᠰᠠᠨᠠᠭᠠᠯᠵᠠᠬᠤ ᠵᠡᠷᠭᠡ 7 ᠬᠡᠰᠡᠭ᠂ 18 ᠨᠢᠭᠡᠴᠢ ᠶᠢ ᠪᠠᠭᠲᠠᠭᠠᠵᠠᠶ᠃ ᠤᠷᠠᠨ ᠵᠢᠷᠤᠭ᠂ ᠭᠡᠷᠡᠯ ᠵᠢᠷᠤᠭ᠂ ᠪᠠᠭᠤᠯᠭᠠᠪᠤᠷᠢ ᠪᠦᠲᠦᠭᠡᠯ ᠪᠠ ᠤᠷᠠᠯᠢᠭ ᠤᠨ ᠪᠦᠲᠦᠭᠡᠯ ᠵᠡᠷᠭᠡ ᠡᠯ᠎ᠡ ᠲᠥᠷᠥᠯ ᠤᠨ ᠦᠵᠡᠭᠦᠯᠦᠯᠭᠡ ᠶᠢᠨ ᠡᠳ᠋ 1000 ᠭᠠᠷᠤᠶ ᠵᠦᠶᠯ ᠪᠣᠢ᠃       ᠥᠨᠥᠳᠥᠷ ᠤᠨ ᠪᠠᠷᠰ ᠠᠭᠤᠯᠠ ᠨᠢ ᠥᠩᠭᠡᠷᠡᠭᠡᠭᠰᠡᠨ ᠤ ᠳᠠᠶᠢᠨ ᠤ ᠪᠠᠶᠢᠳᠠᠯ ᠢ ᠠᠯᠢ ᠬᠡᠳᠦᠶᠢᠨ ᠲᠠᠶᠠᠭᠳᠠᠵᠤ᠂ ᠨᠢᠭᠡᠨ ᠴᠢᠬᠤᠯᠠ ᠴᠡᠷᠢᠭ ᠤᠨ ᠶᠠᠪᠤᠳᠠᠯ ᠤᠨ ᠭᠠᠵᠠᠷ ᠪᠠᠶᠢᠭᠰᠠᠨ ᠠᠴᠠ ᠪᠠᠨ ᠬᠤᠪᠢᠰᠬᠠᠯ ᠤᠨ ᠵᠢᠭᠤᠯᠴᠢᠯᠠᠯ ᠤᠨ ᠰᠠᠭᠤᠷᠢᠨ ᠭᠠᠵᠠᠷ᠂ ᠡᠬᠡ ᠣᠷᠣᠨᠴᠢ ᠦᠵᠡᠯ ᠎ ᠤᠨ ᠬᠥᠮᠦᠵᠢᠯ ᠤᠨ ᠰᠠᠭᠤᠷᠢᠨ ᠭᠠᠵᠠᠷ ᠪᠠ ᠬᠤᠲᠠ ᠶᠢᠨ ᠠᠷᠠᠳ ᠤᠨ ᠰᠡᠯᠡᠭᠦᠴᠡᠯ ᠪᠡᠶ᠎ᠡ ᠴᠢᠭᠢᠷᠠᠭᠵᠢᠭᠤᠯᠬᠤ ᠲᠠᠯᠠᠪᠤᠷ ᠪᠣᠯᠤᠭᠰᠠᠨ ᠪᠠᠶᠢᠨ᠎ᠠ᠂ ᠭᠡᠪᠡᠴᠦ ᠪᠢᠳᠡ ᠦᠨᠡᠨᠴᠢ ᠰᠢᠳᠤᠷᠭᠤ ᠪᠠᠨ ᠡᠨᠡ ᠬᠦ ᠠᠭᠯᠠᠭ ᠠᠭᠤᠯᠠ ᠳᠡᠭᠡᠷ᠎ᠡ ᠪᠤᠯᠠᠭᠰᠠᠨ ᠲᠤᠭ᠎ᠠ ᠲᠣᠮᠰᠢ ᠦᠭᠡᠢ ᠣᠯᠠᠨ ᠪᠠᠭᠠᠳᠤᠷᠴᠤᠳ ᠢ ᠮᠠᠷᠲᠠᠵᠤ ᠪᠣᠯᠬᠤ ᠦᠭᠡᠢ᠂ ᠡᠨᠡ ᠪᠣᠯ ᠲᠡᠳᠡᠨ ᠤ ᠬᠤᠪᠢ ᠨᠡᠮᠡᠷᠢ ᠮᠥᠨ᠂   ᠡᠨᠡ ᠪᠤᠯ ᠰᠠᠶ᠋ᠢ ᠮᠠᠨ ᠤ ᠥᠨᠥᠳᠥᠷ ᠤᠨ ᠠᠮᠤᠷ ᠲᠣᠭᠲᠠᠭᠤᠨ ᠪᠠᠶᠢᠳᠠᠯ ᠢ ᠪᠤᠢ ᠪᠤᠯᠭᠠᠭᠰᠠᠨ ᠪᠠᠶᠢᠨ᠎ᠠ᠃
 
ᠢᠷᠡᠯᠲᠡ᠄ ᠵᠢᠨᠢᠩ ᠲᠤᠭᠤᠷᠢᠭ ᠤᠨ ᠵᠠᠰᠠᠭ ᠤᠨ ᠤᠷᠳᠤᠨ ᠤ ᠬᠢᠳᠠᠳ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2