︽ᠤᠯᠠᠭᠠᠨᠴᠠᠪ︾ ᠭᠡᠳᠡᠭ ᠨᠡᠷ᠎ᠡ ᠶᠢᠨ ᠢᠷᠡᠯᠳᠡ
ᠨᠡᠶᠢᠲᠡᠯᠡᠭᠰᠡᠨ ᠴᠠᠭ᠄
2019/12/5
        ︽ᠤᠯᠠᠭᠠᠨᠴᠠᠪ ᠴᠢᠭᠤᠯᠭᠠᠨ︾᠎ ᠤ ᠨᠡᠷ᠎ᠡ ᠶᠢᠨ ᠢᠷᠡᠯᠳᠡ ᠨᠢ ᠮᠠᠨ ᠤ ᠲᠦᠷᠪᠡᠳ ᠨᠤᠳᠤᠭ ᠤᠨ ᠨᠢᠬᠡ ᠭᠤᠤᠯ ᠤᠨ ᠨᠡᠷ ᠎ᠡ ᠠᠴᠠ ᠤᠯᠠᠷᠢᠵᠦ ᠢᠷᠡᠭᠰᠡᠨ ᠶᠤᠮ ᠪᠠᠶᠢᠨ᠎ᠠ᠃         ᠲᠡᠭᠡᠳᠤ ᠡᠷᠳᠡᠮᠳᠤ ᠶᠢᠨ ᠠᠩᠬᠠᠨ ᠤ ᠤᠨ ︵1636 ᠤᠨ︶᠎ ᠳᠤ ᠬᠤᠶᠢᠳᠤ ᠠᠯᠳᠠᠨ ᠤᠯᠤᠰ ᠤᠨ ᠬᠤᠩ ᠲᠠᠶᠢᠵᠢ ᠬᠠᠭᠠᠨ ᠰᠠᠭᠤᠷᠢᠨ ᠳᠤ ᠭᠠᠷᠴᠤ᠂ ᠤᠯᠤᠰ ᠤᠨ ᠴᠤᠯᠠ ᠪᠠᠨ ᠴᠢᠩ ᠭᠡᠵᠦ ᠲᠤᠭᠳᠠᠵᠠᠢ᠃ ᠤᠤᠯ ᠤᠨ ᠬᠦᠯᠦᠨ ᠪᠤᠶᠢᠷ ᠤᠨ ᠲᠠᠯ᠎ᠠ ᠨᠤᠳᠤᠭ ᠢᠶᠠᠷ ᠨᠡᠬᠦᠳᠡᠯᠯᠡᠨ ᠮᠠᠯᠵᠢᠵᠦ ᠪᠠᠶᠢᠭᠰᠠᠨ ᠲᠦᠷᠪᠡᠨ ᠭᠡᠤᠭᠡᠳ ᠤᠨ ᠠᠶᠢᠮᠠᠭ ᠢ ᠵᠠᠰᠠᠭ ᠬᠤᠰᠢᠭᠤ ᠪᠤᠯᠭᠠᠵᠦ᠂ ᠡᠶᠡᠪᠡᠷ ᠵᠠᠰᠠᠭᠴᠢ ᠶᠢᠨ ᠵᠢᠷᠭᠤᠳᠤᠭᠠᠷ ᠤᠨ ︵1649 ᠤᠨ︶᠎ ᠳᠤ ᠲᠠᠯᠠᠨ ᠬᠠᠷ ᠎ᠠ ᠶᠢᠨ ᠠᠷᠦ ᠳᠠᠬᠢ ᠰᠢᠷᠠᠮᠦ᠋ᠷᠡᠨ ᠭᠤᠤᠯ ᠤᠨ ᠤᠷᠤᠰᠬᠠᠯ ᠲᠠᠭᠠᠤ ᠤᠷᠤᠨ ᠪᠤᠯᠤᠨ ᠴᠠᠭᠠᠨ ᠨᠠᠭᠤᠷ ᠤᠨ ᠤᠢᠢᠷ ᠎ᠠ ᠤᠷᠴᠢᠮ ᠤᠨ ᠨᠤᠳᠤᠭ ᠪᠡᠯᠴᠢᠬᠡᠷ ᠢ ᠬᠤᠪᠢᠳᠠᠭᠤᠯᠤᠨ ᠦᠭᠴᠡᠢ᠃ ᠴᠠᠬᠢᠭᠤᠷᠳᠤ ᠶᠢᠨ ᠨᠠᠷᠢᠨ ᠭᠤᠤᠯ ᠤᠷᠴᠢᠮ ᠨᠡᠬᠦᠳᠡᠯᠯᠡᠨ ᠮᠠᠯᠵᠢᠵᠦ ᠪᠠᠶᠢᠭᠰᠠᠨ ᠮᠤᠤᠮᠢᠩᠭᠠᠨ ᠠᠶᠢᠮᠠᠭ ᠤᠨ ᠠᠬᠠᠯᠠᠭᠴᠢ ᠰᠡᠩᠭᠡ ᠳᠤ ᠡᠩᠭᠡ ᠠᠮᠤᠭᠤᠯᠠᠩ ᠤᠨ ᠭᠤᠷᠪᠠᠳᠤᠭᠠᠷ ᠤᠨ ︵1664 ᠤᠨ︶᠎ ᠳᠤ ᠴᠢᠩ ᠤᠨ ᠲᠦᠷᠦ ᠠᠴᠠ ᠵᠠᠰᠠᠭ ᠤᠨ ᠲᠡᠷᠢᠬᠦᠨ ᠲᠠᠶᠢᠵᠢ ᠶᠢᠨ ᠵᠡᠷᠭᠡ ᠬᠠᠶᠢᠷᠠᠯᠠᠵᠦ᠂ ᠲᠦᠪ ᠨᠠᠶᠢᠷᠠᠯᠳᠤ ᠶᠢᠨ ᠠᠷᠪᠠᠨ ᠭᠤᠷᠪᠠᠳᠤᠭᠠᠷ ᠤᠨ ᠳᠤ ᠲᠠᠯᠠᠨ ᠬᠠᠷ ᠎ᠠ ᠠᠭᠤᠯᠠ ᠶᠢᠨ ᠠᠷᠦ ᠳᠠᠬᠢ ᠠᠶᠢᠪᠠᠭ᠎ᠠ ᠭᠤᠤᠯ ᠤᠨ ᠡᠬᠢᠨ ᠤ ᠤᠷᠤᠰᠬᠠᠯ ᠲᠠᠭᠠᠤ ᠨᠤᠳᠤᠭ ᠪᠡᠯᠴᠢᠬᠡᠷ ᠢ ᠬᠤᠪᠢᠳᠠᠨ ᠦᠭᠴᠡᠢ᠃ ᠡᠶᠡᠪᠡᠷ ᠵᠠᠰᠠᠭᠴᠢ ᠶᠢᠨ ᠠᠷᠪᠠᠳᠤᠭᠠᠷ ᠤᠨ ︵1653 ᠤᠨ︶᠎ ᠳᠤ ᠤᠤᠯ ᠤᠨ ᠬᠠᠯᠬ ᠎ᠠ ᠭᠤᠤᠯ ᠤᠨ ᠤᠷᠤᠰᠬᠠᠯ ᠲᠠᠭᠠᠤ ᠨᠡᠬᠦᠳᠡᠯᠯᠡᠨ ᠮᠠᠯᠵᠢᠵᠦ ᠪᠠᠶᠢᠭᠰᠠᠨ ᠬᠠᠯᠬ ᠎ᠠ ᠪᠠᠷᠠᠭᠤᠨ ᠭᠠᠷᠤᠨ ᠠᠶᠢᠮᠠᠭ ᠤᠨ ᠠᠬᠠᠯᠠᠭᠴᠢ ᠪᠤᠮᠳᠠᠷ ᠢ ᠵᠠᠰᠠᠭ ᠬᠤᠰᠢᠭᠤᠨ ᠤ ᠲᠠᠷᠬᠠᠨ ᠴᠢᠨ ᠸᠠᠩ ᠡᠷᠬᠦᠮᠵᠢᠯᠡᠵᠦ᠂ ᠲᠠᠯᠠᠨ ᠬᠠᠷ ᠎ᠠ ᠠᠭᠤᠯᠠ ᠶᠢᠨ ᠠᠷᠦ ᠳᠠᠬᠢ ᠠᠶᠢᠪᠠᠭ᠎ᠠ ᠭᠤᠤᠯ ᠪᠤᠯᠤᠨ ᠲᠠᠷᠭᠤᠨ ᠭᠤᠤᠯ ᠤᠨ ᠤᠷᠤᠰᠬᠠᠯ ᠲᠠᠭᠠᠤ ᠭᠠᠵᠠᠷ ᠢ ᠬᠤᠪᠢᠳᠠᠨ ᠦᠭᠪᠡ᠃ ᠡᠶᠡᠪᠡᠷ ᠵᠠᠰᠠᠭᠴᠢ ᠶᠢᠨ ᠲᠠᠪᠤᠳᠤᠭᠠᠷ ᠤᠨ ︵1648 ᠤᠨ︶᠎ ᠳᠤ ᠤᠤᠯ ᠤᠨ ᠬᠦᠯᠦᠨ ᠪᠤᠶᠢᠷ ᠤᠨ ᠡᠷᠬᠦᠨ᠎ᠡ ᠭᠤᠤᠯ ᠪᠤᠯᠤᠨ ᠰᠡᠯᠡᠩᠭᠡ ᠭᠤᠤᠯ ᠤᠨ ᠬᠤᠭᠤᠷᠤᠨᠳᠤ ᠨᠡᠬᠦᠳᠡᠯᠯᠡᠨ ᠮᠠᠯᠵᠢᠵᠦ ᠪᠠᠶᠢᠭᠰᠠᠨ ᠤᠷᠠᠳ ᠠᠶᠢᠮᠠᠭ ᠢ ᠡᠮᠦᠨᠡᠳᠦ᠂ ᠲᠤᠮᠳᠠᠳᠤ᠂ ᠬᠤᠶᠢᠳᠤ ᠭᠤᠷᠪᠠᠨ ᠬᠤᠰᠢᠭᠤ ᠪᠤᠯᠭᠠᠨ ᠬᠤᠪᠢᠶᠠᠵᠦ᠂ ᠤᠯᠤᠰ ᠤᠨ ᠲᠦᠰᠢᠶ ᠎ᠡ ᠬᠦᠩ ᠡᠷᠬᠦᠮᠵᠢᠯᠡᠨ᠂ ᠭᠤᠷᠪᠠᠨ ᠬᠦᠩ ᠤᠨ ᠬᠤᠰᠢᠭᠤ ᠬᠡᠮᠡᠨ ᠲᠠᠭᠤᠳᠠᠵᠦ᠂ ᠲᠠᠷᠠᠭ᠎ᠠ ᠵᠢᠯ ᠨᠢ ᠬᠠᠳᠤᠨ ᠭᠤᠤᠯ᠂ ᠮᠤᠨᠢ ᠠᠭᠤᠯᠠ᠂ ᠠᠷᠪᠠᠰ ᠠᠭᠤᠯᠠ ᠶᠢᠨ ᠤᠷᠴᠢᠮ ᠤᠨ ᠨᠤᠳᠤᠭ ᠪᠡᠯᠴᠢᠬᠡᠷ ᠢ ᠬᠤᠪᠢᠳᠠᠨ ᠦᠭᠴᠡᠢ᠃ ᠬᠤᠵᠢᠮ ᠨᠢ ᠤᠯᠤᠰ ᠲᠦᠷᠦ ᠶᠢᠨ ᠰᠠᠯᠭᠠᠨ ᠵᠠᠬᠢᠷᠬᠤ ᠵᠤᠷᠢᠯᠭ᠎ᠠ ᠠᠴᠠ ᠪᠠᠨ ᠪᠤᠯᠵᠦ ᠲᠡᠭᠡᠷ ᠎ᠡ ᠲᠤᠷᠠᠳᠤᠭᠰᠠᠨ ᠵᠢᠷᠭᠤᠭᠠᠨ ᠵᠠᠰᠠᠭ ᠬᠤᠰᠢᠭᠤ ᠶᠢ ᠨᠢᠬᠡ ᠴᠢᠭᠤᠯᠭᠠᠨ ᠪᠤᠯᠭᠠᠵᠦ ︽ᠤᠯᠠᠭᠠᠨᠴᠠᠪ ᠴᠢᠭᠤᠯᠭᠠᠨ︾ ᠭᠡᠵᠦ ᠨᠡᠷᠡᠶᠢᠳᠴᠡᠢ᠃        ︽ᠮᠤᠩᠭᠤᠯ ᠤᠨ ᠨᠡᠪᠳᠡᠷᠬᠡᠢ ᠲᠡᠤᠭᠡ︾᠎ ᠶᠢᠨ ᠲᠡᠮᠳᠡᠭᠯᠡᠯ ᠳᠤ᠄ ︽ᠡᠩᠭᠡ ᠠᠮᠤᠭᠤᠯᠠᠩ ᠤᠨ ᠶᠢᠰᠦᠳᠦᠭᠡᠷ ᠤᠨ ᠳᠤ ᠦᠪᠦᠷ ᠮᠤᠩᠭᠤᠯ ᠤᠨ ᠵᠠᠰᠠᠭ ᠬᠤᠰᠢᠭᠤ ᠨᠡᠮᠡᠭᠳᠡᠭᠡᠳ ᠨᠡᠶᠢᠳᠡ ᠲᠦᠴᠢ ᠶᠢᠰᠦ ᠪᠤᠯᠵᠦ᠂ ᠵᠢᠷᠭᠤᠭᠠᠨ ᠴᠢᠭᠤᠯᠭᠠᠨ ᠬᠤᠪᠢᠶᠠᠪᠠᠢ᠃ ᠲᠦᠷᠪᠡᠨ ᠭᠡᠤᠭᠡᠳ ᠤᠨ ᠠᠶᠢᠮᠠᠭ ᠤᠨ ᠬᠤᠰᠢᠭᠤ᠂ ᠮᠤᠤᠮᠢᠩᠭᠠᠨ ᠬᠤᠰᠢᠭᠤ᠂ ᠬᠠᠯᠬ ᠎ᠠ ᠪᠠᠷᠠᠭᠤᠨ ᠭᠠᠷᠤᠨ ᠬᠤᠰᠢᠭᠤ᠂ ᠤᠷᠠᠳ ᠤᠨ ᠭᠤᠷᠪᠠᠨ ᠬᠦᠩ ᠤᠨ ᠬᠤᠰᠢᠭᠤ ᠨᠡᠶᠢᠳᠡ ᠵᠢᠷᠭᠤᠭᠠᠨ ᠵᠠᠰᠠᠭ ᠬᠤᠰᠢᠭᠤ ᠲᠦᠷᠪᠡᠨ ᠭᠡᠤᠭᠡᠳ ᠤᠨ ᠠᠶᠢᠮᠠᠭ ᠤᠨ ᠬᠤᠰᠢᠭᠤᠨ ᠤ ᠬᠠᠷᠢᠶᠠᠨ ᠳᠠᠬᠢ ᠤᠯᠠᠭᠠᠨᠴᠠᠪ ᠲᠤ ᠴᠢᠭᠤᠯᠭᠠᠨ ᠪᠤᠯᠵᠦ᠂ ᠤᠯᠠᠭᠠᠨᠴᠠᠪ ᠴᠢᠭᠤᠯᠭᠠᠨ ᠭᠡᠵᠦ ᠨᠡᠷᠡᠶᠢᠳᠪᠡ︾ ᠬᠡᠵᠡᠢ᠃        ᠤᠯᠠᠭᠠᠨᠴᠠᠪ ᠭᠡᠳᠡᠭ ᠭᠠᠵᠠᠷ ᠤᠨ ᠲᠤᠬᠠᠢ ︽ᠬᠠᠮᠳᠤᠳᠬᠠᠨ ᠲᠡᠮᠳᠡᠭᠯᠡᠭᠰᠡᠨ ᠪᠢᠴᠢᠭ︾᠎ ᠤᠨ ᠲᠡᠮᠳᠡᠭᠯᠡᠯ ᠳᠤ ᠄ ︽ᠤᠯᠠᠭᠠᠨᠴᠠᠪ ᠨᠢ ᠬᠦᠬᠡᠬᠤᠳᠠ ᠠᠴᠠ ᠬᠤᠶᠢᠰᠢ ᠶᠠᠭ ᠵᠠᠭᠤ ᠬᠤᠷᠢᠨ ᠭᠠᠵᠠᠷ ᠤᠨ ᠵᠠᠶᠢᠳᠠᠢ︾ ᠬᠡᠵᠡᠢ᠃ ︽ᠰᠦᠢ ᠶᠤᠸᠠᠨ ᠤ ᠨᠡᠪᠳᠡᠷᠬᠡᠢ ᠲᠡᠤᠭᠡ ᠶᠢᠨ ᠡᠭᠡ ᠨᠤᠤᠷᠠᠭ︾᠎ ᠲᠤ᠄ ︽ᠲᠦᠷᠪᠡᠨ ᠭᠡᠤᠭᠡᠳ ᠤᠨ ᠠᠶᠢᠮᠠᠭ ᠤᠨ ᠬᠤᠰᠢᠭᠤ᠂ ᠮᠤᠤᠮᠢᠩᠭᠠᠨ ᠬᠤᠰᠢᠭᠤ᠂ ᠬᠠᠯᠬ ᠎ᠠ ᠪᠠᠷᠠᠭᠤᠨ ᠭᠠᠷᠤᠨ ᠬᠤᠰᠢᠭᠤ᠂ ᠤᠷᠠᠳ ᠤᠨ ᠭᠤᠷᠪᠠᠨ ᠬᠦᠩ ᠤᠨ ᠬᠤᠰᠢᠭᠤ ᠵᠡᠷᠭᠡ ᠵᠢᠷᠭᠤᠭᠠᠨ ᠬᠤᠰᠢᠭᠤ ᠨᠢ ᠨᠢᠬᠡ ᠴᠢᠭᠤᠯᠭᠠᠨ ᠪᠤᠯᠵᠦ᠂ ᠴᠢᠩ ᠤᠨ ᠲᠦᠷᠦ ᠠᠴᠠ ᠲᠤᠭᠳᠠᠭᠠᠵᠦ ᠦᠭᠬᠦᠭᠰᠡᠨ ᠤᠯᠠᠭᠠᠨᠴᠠᠪ ᠭᠡᠳᠡᠭ ᠢᠶᠠᠷ ᠴᠢᠭᠤᠯᠭᠠᠨ ᠤ ᠭᠠᠵᠠᠷ ᠢᠶᠠᠨ ᠪᠤᠯᠭᠠᠵᠠᠢ᠃ ᠲᠤᠰ ᠭᠠᠵᠠᠷ ᠨᠢ ᠨᠢᠬᠡ ᠭᠤᠤᠯ ᠲᠠᠢ᠂ ᠭᠤᠤᠯ ᠤᠨ ᠨᠡᠷ ᠎ᠡ ᠨᠢ ᠤᠯᠠᠭᠠᠨᠴᠠᠪ ᠭᠤᠤᠯ ᠭᠡᠳᠡᠭ᠃ ᠡᠶᠢᠮᠦ ᠠᠴᠠ ᠭᠤᠤᠯ ᠤᠨ ᠨᠡᠷ ᠎ᠡ ᠪᠠᠷ ᠭᠠᠵᠠᠷ ᠤᠨ ᠨᠡᠷ ᠎ᠡ ᠪᠤᠯᠭᠠᠵᠦ᠂ ᠭᠠᠵᠠᠷ ᠤᠨ ᠢᠶᠠᠨ ᠨᠡᠷ ᠎ᠡ ᠪᠠᠷ ᠴᠢᠭᠤᠯᠭᠠᠨ ᠤ ᠪᠠᠨ ᠨᠡᠷ ᠎ᠡ ᠪᠤᠯᠭᠠᠵᠠᠢ︾ ᠭᠡᠵᠦ ᠲᠡᠮᠳᠡᠭᠯᠡᠵᠦ ᠪᠤᠢ᠃ ᠡᠳᠡᠭᠡᠷ ᠲᠡᠤᠭᠡᠨ ᠲᠡᠮᠳᠡᠭᠯᠡᠯ ᠢ ᠦᠨᠳᠦᠰᠦᠯᠡᠪᠡᠯ ︽ᠤᠯᠠᠭᠠᠨᠴᠠᠪ ᠭᠤᠤᠯ︾᠎ ᠨᠢ ᠤᠳᠤ ᠶᠢᠨ ᠮᠠᠨ ᠤ ᠲᠦᠷᠪᠡᠳ ᠬᠤᠰᠢᠭᠤᠨ ᠤ ᠳ᠋ᠦᠩ ᠪᠠ ᠬᠤᠤ ᠰᠢᠶᠠᠩ ᠤᠨ ᠪᠠᠶᠠᠬᠤᠪᠤᠭ᠎ᠠ ᠭᠠᠴᠠᠭᠠᠨ ᠤ ᠪᠠᠶᠠᠬᠤᠪᠤᠭ᠎ᠠ ᠲᠤᠰᠬᠤᠨ ᠤ ᠪᠠᠶᠠᠬᠤᠪᠤᠭ᠎ᠠ ᠭᠤᠤᠯ ᠢ ᠵᠢᠭᠠᠵᠦ ᠪᠠᠶᠢᠭ᠎ᠠ ᠶᠤᠮ ᠪᠠᠶᠢᠨ᠎ᠠ᠃ ᠪᠠᠶᠠᠬᠤᠪᠤᠭ᠎ᠠ ᠲᠤᠰᠬᠤᠨ ᠤ ᠲᠠᠯᠠ ᠭᠠᠷᠤᠭᠰᠠᠨ ᠨᠠᠰᠤᠳᠠᠨ ᠶᠠᠨ ᠵᠠᠨ ᠴᠧᠩ᠂ ᠵᠠᠩ ᠰᠢᠨ ᠸᠠᠨ ᠬᠤᠶᠠᠷ ᠤᠨ ᠶᠠᠷᠢᠬᠤ ᠪᠠᠷ ᠡᠨᠡ ᠲᠤᠰᠬᠤᠨ ᠪᠠᠶᠢᠭᠤᠯᠤᠭᠳᠠᠭᠠᠳ ᠨᠢᠬᠡᠨᠳᠡ 140 — 150 ᠵᠢᠯ ᠤᠨ ᠲᠡᠤᠭᠡ ᠲᠠᠢ ᠪᠤᠯᠵᠠᠢ᠃ ᠤᠤᠯ ᠨᠢ ᠮᠤᠩᠭᠤᠯ ᠬᠦᠮᠦᠨ ᠤ ᠨᠤᠳᠤᠭ ᠪᠠᠶᠢᠭᠰᠠᠨ ᠶᠤᠮ᠃ ᠡᠷᠳᠡᠨ ᠳᠡᠭᠡᠨ ᠴᠧᠩ ᠪᠠ ᡁᠢ ᠪᠤᠶᠤ ᠴᠢᠭᠤᠯᠭᠠᠨ ᠪᠠᠶᠠᠬᠤᠪᠤᠭ᠎ᠠ ᠭᠡᠵᠦ ᠲᠠᠭᠤᠳᠠᠳᠠᠭ ᠪᠠᠶᠢᠭᠰᠠᠨ ᠃ ᠲᠤᠰᠬᠤᠨ ᠤ ᠡᠮᠦᠨᠡᠬᠢ ᠨᠢᠬᠡ ᠭᠤᠤᠯ ᠢ ᠪᠠᠭ᠎ᠠ ᠭᠤᠤᠯ ᠪᠤᠶᠤ ᠤᠯᠭᠠᠨᠴᠠᠪ ᠭᠤᠤᠯ ᠭᠡᠵᠦ ᠨᠡᠷᠡᠯᠡᠳᠡᠭ ᠪᠠᠶᠢᠭᠰᠠᠨ᠃ ᠤᠤᠯ ᠨᠢ ᠲᠤᠰᠬᠤᠨ ᠠᠴᠠ ᠵᠡᠬᠦᠨᠰᠢ ᠬᠤᠶᠠᠷ ᠭᠠᠵᠠᠷ ᠤᠨ ᠦᠵᠦᠬᠦᠷ ᠲᠤ ᠲᠦᠷᠪᠡᠭᠡᠨ ᠠᠶᠢᠯ ᠰᠠᠭᠤᠳᠠᠭ᠃ ︽ᠲᠠ ᠳ᠋ᠢ ᠲᠤᠰᠬᠤᠨ︾ ᠭᠡᠵᠦ ᠨᠡᠷᠡᠯᠡᠳᠡᠭ ᠪᠠᠶᠢᠭᠰᠠᠨ᠃ ᠦᠨᠡᠭᠡᠷᠡᠨ ᠲᠤᠰᠬᠤᠨ ᠠᠴᠠ ᠬᠤᠶᠢᠰᠢ ᠨᠢᠬᠡ ᠭᠠᠵᠠᠷ ᠤᠨ ᠦᠵᠦᠬᠦᠷ ᠲᠤ ᠨᠢᠬᠡ ᠲᠡᠮᠦᠷ ᠰᠤᠪᠤᠷᠭ᠎ᠠ ᠪᠠᠶᠢᠭᠰᠠᠨ ᠶᠤᠮ᠃ ᠰᠤᠨᠤᠰᠤᠯᠳᠠ ᠪᠠᠷ ᠤᠯᠠᠭᠠᠨᠴᠠᠪ ᠴᠢᠭᠤᠯᠭᠠᠨ ᠬᠠᠮᠤᠭ ᠠᠩᠬ ᠎ᠠ ᠴᠢᠭᠤᠯᠭᠠᠨ ᠬᠢᠬᠦ ᠳᠡᠭᠡᠨ ᠲᠤᠷᠠᠰᠬᠠᠵᠦ ᠪᠤᠰᠬᠠᠭᠰᠠᠨ ᠭᠡᠳᠡᠭ᠃ 1952 ᠤᠨ ᠳᠤ ᠭᠠᠵᠠᠷ ᠰᠢᠷᠤᠢ ᠶᠢᠨ ᠦᠬᠡᠷᠡᠴᠢᠯᠡᠯᠳᠡ ᠬᠢᠵᠦ᠂ ᠶᠠᠳᠠᠭᠤ ᠲᠠᠷᠢᠶᠠᠴᠢᠨ ᠤ ᠬᠤᠷᠠᠯ ᠠᠴᠠ ᠲᠤᠰ ᠰᠤᠪᠤᠷᠭ᠎ᠠ ᠶᠢ ᠪᠠᠭᠤᠯᠭᠠᠵᠦ ᠲᠠᠷᠢᠶᠠᠯᠠᠩ ᠤᠨ ᠪᠠᠭᠠᠵᠢ ᠦᠢᠯᠡᠳᠦᠭᠰᠡᠨ ᠬᠡᠨ᠎ᠡ᠃         ᠪᠠᠶᠠᠬᠤᠪᠤᠭ᠎ᠠ ᠲᠤᠰᠬᠤᠨ ᠨᠢ ᠦᠨᠡᠭᠡᠷᠡᠨ ᠬᠦᠬᠡᠬᠤᠳᠠ ᠠᠴᠠ ᠶᠠᠭ ᠰᠠᠶᠢᠬᠠᠨ ᠵᠠᠭᠤ ᠬᠤᠷᠢᠨ ᠭᠠᠵᠠᠷ ᠵᠠᠶᠢᠳᠠᠢ᠃ ᠡᠨᠡ ᠨᠢ ᠶᠠᠭ ᠲᠡᠤᠭᠡᠨ ᠲᠡᠮᠳᠡᠭᠯᠡᠯ ᠲᠠᠢ ᠨᠡᠶᠢᠴᠡᠵᠦ ᠪᠠᠶᠢᠭ᠎ᠠ ᠤᠴᠢᠷ ᠤᠳᠤ ᠶᠢᠨ ᠪᠠᠶᠠᠬᠤᠪᠤᠭ᠎ᠠ ᠲᠤᠰᠬᠤᠨ ᠤ ᠪᠠᠶᠠᠬᠤᠪᠤᠭ᠎ᠠ ᠭᠤᠤᠯ ᠪᠤᠯ ᠤᠯᠠᠭᠠᠨᠴᠠᠪ ᠭᠤᠤᠯ ᠮᠦᠨ ᠶᠤᠮ ᠪᠠᠶᠢᠨ᠎ᠠ᠃ ᠲᠤᠰᠬᠤᠨ ᠤ ᠵᠡᠬᠦᠨ ᠬᠤᠶᠢᠳᠤ ᠲᠠᠯ ᠎ᠠ ᠳᠤ ᠦᠬᠡᠬᠦᠳᠦ ᠭᠡᠳᠡᠭ ᠭᠠᠵᠠᠷ ᠪᠠᠶᠢᠨ᠎ᠠ᠃ ᠨᠢᠬᠡ ᠪᠢᠴᠢᠬᠠᠨ ᠨᠢᠷᠤᠭᠤᠨ ᠲᠤᠮᠳᠠ ᠬᠢᠷᠢ ᠳᠤ ᠬᠤᠨᠢᠨ ᠴᠢᠨᠡᠭᠡᠨ ᠬᠤᠶᠠᠷ ᠴᠠᠭᠠᠨ ᠴᠢᠯᠠᠭᠤ ᠪᠠᠶᠢᠨ᠎ᠠ᠃ ᠡᠨᠡ ᠬᠤᠶᠠᠷ ᠴᠠᠭᠠᠨ ᠴᠢᠯᠠᠭᠤ ᠪᠠᠨ ᠤᠷᠢᠳᠤ ᠶᠢᠨ ᠲᠦᠷᠪᠡᠳ ᠮᠤᠩᠭᠤᠯᠴᠤᠳ ᠦᠬᠡᠬᠦᠳᠦ ᠭᠡᠳᠡᠭ ᠪᠠᠶᠢᠵᠠᠢ᠃ ᠦᠬᠦᠬᠡᠳᠦ ᠶᠢᠨ ᠨᠢᠷᠤᠭᠤ ᠶᠢ ᠲᠠᠪᠠᠪᠠᠯ ᠶᠠᠭ ᠵᠡᠬᠦᠨ ᠬᠤᠶᠢᠳᠤ ᠲᠠᠯ ᠎ᠠ ᠳᠤᠨᠢ ᠪᠠᠷᠤᠭ ᠬᠤᠶᠠᠷ ᠭᠤᠷᠪᠠᠨ ᠭᠠᠵᠠᠷ ᠤᠨ ᠦᠵᠦᠬᠦᠷ ᠲᠤ ᠨᠢᠬᠡ ᠦᠨᠳᠤᠷ ᠬᠠᠷ ᠎ᠠ ᠲᠤᠯᠤᠭᠠᠢ ᠬᠠᠷᠠᠭᠳᠠᠨ᠎ᠠ᠃ ᠡᠨᠡ ᠦᠨᠳᠤᠷ ᠬᠠᠷ ᠎ᠠ ᠲᠤᠯᠤᠭᠠᠢ ᠶᠢᠨ ᠵᠡᠬᠦᠨ ᠪᠠᠷᠠᠭᠤᠨ ᠬᠤᠶᠠᠷ ᠲᠠᠯ ᠎ᠠ ᠳᠤᠨᠢ ᠲᠤᠰ ᠲᠤᠰ ᠪᠠᠶᠢᠭᠠᠯᠢ ᠠᠴᠠ ᠪᠦᠳᠦᠭᠰᠡᠨ ᠨᠠᠮᠬᠠᠨ ᠨᠢᠷᠤᠭᠤ ᠲᠠᠢ᠂ ᠶᠠᠭ ᠯᠡ ᠨᠢᠬᠡ ᠬᠦᠮᠦᠨ ᠲᠤᠯᠤᠭᠠᠢ ᠪᠠᠨ ᠭᠠᠷᠭᠠᠴᠢᠬᠠᠭᠠᠳ ᠬᠤᠶᠠᠷ ᠭᠠᠷ ᠢᠶᠠᠨ ᠠᠯᠳᠠᠯᠠᠨ ᠵᠤᠭᠰᠤᠵᠦ ᠪᠠᠶᠢᠭ᠎ᠠ ᠰᠢᠨᠵᠢᠳᠠᠢ᠃ ᠦᠨᠳᠦᠷ ᠬᠠᠷ ᠎ᠠ ᠲᠤᠯᠤᠭᠠᠢ ᠲᠡᠭᠡᠷ ᠎ᠡ ᠬᠠᠷ ᠎ᠠ ᠴᠢᠯᠠᠭᠤ ᠪᠠᠷ ᠪᠤᠰᠬᠠᠭᠰᠠᠨ ᠨᠢᠬᠡ ᠲᠤᠮᠤ ᠤᠪᠤᠭ᠎ᠠ ᠲᠠᠢ᠂ ᠬᠤᠶᠠᠷ ᠲᠠᠯ ᠎ᠠ ᠶᠢᠨ ᠨᠠᠮᠬᠠᠨ ᠨᠢᠷᠤᠭᠤ ᠲᠡᠭᠡᠷ ᠎ᠡ ᠢᠵᠢᠯ ᠪᠠᠶᠢᠷᠢᠰᠢᠯ ᠢᠶᠠᠷ ᠪᠤᠰᠬᠠᠭᠰᠠᠨ ᠭᠤᠷᠪᠠ ᠭᠤᠷᠪᠠᠨ ᠤᠪᠤᠭ᠎ᠠ ᠲᠠᠢ᠃ ᠪᠢᠳᠡᠨ ᠲᠠᠢ ᠬᠠᠮᠳᠤ ᠤᠴᠢᠭᠰᠠᠨ ᠦᠪᠦᠷ ᠮᠤᠩᠭᠤᠯ ᠤᠨ ᠤᠳᠬ ᠎ᠠ ᠤᠷᠠᠯᠢᠭ ᠤᠨ ᠬᠢᠨ ᠤ ᠬᠤᠯᠪᠤᠭ᠎ᠠ ᠶᠢᠨ ᠲᠡᠳ᠋ ᠲᠡᠷᠢᠬᠦᠯᠡᠭᠴᠢ᠂ ᠲᠦᠷᠦ ᠶᠢᠨ ᠱᠠᠩᠨᠠᠯᠳᠤ ᠵᠤᠬᠢᠶᠠᠯᠴᠢ ᠮᠠᠨᠳᠤᠮᠤᠢ ᠠᠴᠠ ᠤᠷᠤᠨ ᠤ ᠲᠧᠯᠸᠢᠰ ᠬᠤᠷᠢᠶ ᠎ᠠ ᠶᠢᠨ ᠰᠤᠷᠪᠤᠯᠵᠢᠯᠠᠭᠴᠢ ᠪᠠᠭᠠᠨ᠎ᠠ ᠨᠦᠬᠦᠷ ᠲᠤ᠄ ︽ᠡᠨᠡ ᠦᠨᠳᠦᠷ ᠬᠠᠷ ᠎ᠠ ᠲᠤᠯᠤᠭᠠᠢ ᠲᠡᠭᠡᠷ ᠎ᠡ ᠪᠠᠶᠢᠭ᠎ᠠ ᠦᠨᠳᠦᠷ ᠬᠠᠷ ᠎ᠠ ᠤᠪᠤᠭ᠎ᠠ ᠪᠤᠯ ᠤᠯᠠᠭᠠᠨᠴᠠᠪ ᠴᠢᠭᠤᠯᠭᠠᠨ ᠤ ᠴᠢᠭᠤᠯᠭᠠᠨ ᠤᠪᠤᠭ᠎ᠠ᠂ ᠪᠠᠷᠠᠭᠤᠨ ᠲᠠᠯ ᠎ᠠ ᠶᠢᠨ ᠨᠠᠮᠬᠠᠨ ᠨᠢᠷᠤᠭᠤ ᠲᠡᠭᠡᠷ ᠎ᠡ ᠪᠠᠶᠢᠭ᠎ᠠ ᠭᠤᠷᠪᠠᠨ ᠤᠪᠤᠭ᠎ᠠ ᠪᠤᠯ ᠤᠷᠠᠳ ᠤᠨ ᠭᠤᠷᠪᠠᠨ ᠬᠦᠩ ᠤᠨ ᠬᠤᠰᠢᠭᠤ ᠤᠪᠤᠭ᠎ᠠ᠂ ᠵᠡᠬᠦᠨ ᠲᠠᠯ ᠎ᠠ ᠶᠢᠨ ᠨᠠᠮᠬᠠᠨ ᠨᠢᠷᠤᠭᠤ ᠲᠡᠭᠡᠷ ᠎ᠡ ᠪᠠᠶᠢᠭ᠎ᠠ ᠭᠤᠷᠪᠠᠨ ᠤᠪᠤᠭ᠎ᠠ ᠪᠤᠯ ᠲᠠᠷᠬᠠᠨ ᠪᠠᠶᠢᠯᠠ᠂ ᠲᠦᠷᠪᠡᠨ ᠭᠡᠤᠭᠡᠳ ᠤᠨ ᠠᠶᠢᠮᠠᠭ ᠤᠨ ᠬᠤᠰᠢᠭᠤ᠂ ᠮᠤᠤᠮᠢᠩᠭᠠᠨ ᠵᠡᠷᠭᠡ ᠭᠤᠷᠪᠠᠨ ᠬᠤᠰᠢᠭᠤᠨ ᠤ ᠬᠤᠰᠢᠭᠤ ᠤᠪᠤᠭ᠎ᠠ᠃ ᠲᠡᠷᠡ ᠵᠡᠬᠦᠨ ᠡᠮᠦᠨ᠎ᠡ ᠬᠠᠷᠠᠭᠳᠠᠵᠦ ᠪᠠᠶᠢᠭ᠎ᠠ ᠠᠯᠳᠠᠨ ᠬᠠᠷᠭᠠᠨ᠎ᠠ ᠲᠠᠷᠢᠭᠰᠠᠨ ᠲᠠᠯ ᠎ᠠ ᠶᠢ ᠵᠦᠯᠬᠡᠳᠦ ᠶᠢᠨ ᠲᠠᠯ ᠎ᠠ ᠭᠡᠳᠡᠭ ᠭᠡᠨ᠎ᠡ᠃ ᠲᠡᠨᠳᠡ ᠮᠤᠷᠢ ᠤᠷᠤᠯᠳᠤᠳᠠᠭ ᠪᠠᠶᠢᠵᠠᠢ᠃ ᠦᠬᠦᠬᠡᠳᠦ ᠶᠢᠨ ᠨᠢᠷᠤᠭᠤ ᠠᠴᠠ ᠠᠳᠡ ᠬᠦᠷᠳᠡᠯᠡᠬᠢ ᠬᠦᠨᠳᠡᠢ ᠳᠤ ᠡᠯ ᠎ᠡ ᠬᠤᠰᠢᠭᠤ ᠮᠤᠩᠭᠤᠯ ᠭᠡᠷ ᠢᠶᠠᠨ ᠪᠠᠷᠢᠳᠠᠭ ᠪᠠᠶᠢᠵᠠᠢ᠃ ᠲᠡᠷᠡ ᠪᠠᠷᠠᠭᠤᠨ ᠡᠮᠦᠨ᠎ᠡ ᠬᠢᠯᠠᠯᠵᠠᠵᠦ ᠪᠠᠶᠢᠭ᠎ᠠ ᠭᠤᠤᠯ ᠪᠤᠯ ᠲᠠᠷᠤᠢ ᠤᠳᠤ ᠶᠢᠨ ᠪᠠᠶᠠᠬᠤᠪᠤᠭ᠎ᠠ ᠭᠤᠤᠯ᠂ ᠤᠷᠢᠳᠤ ᠶᠢᠨ ᠤᠯᠠᠭᠠᠨᠴᠠᠪ ᠭᠤᠤᠯ ᠪᠤᠯᠤᠨ᠎ᠠ᠃ ᠡᠶᠢᠮᠦ ᠪᠤᠳᠠᠳᠠᠢ ᠭᠠᠵᠠᠷ ᠤᠷᠤᠨ ᠨᠢ ᠲᠤᠪ ᠲᠤᠳᠤᠷᠬᠠᠢ ᠪᠠᠶᠢᠭ᠎ᠠ ᠪᠤᠯᠬᠤᠷ ᠶᠠᠷᠢᠶᠠᠨ ᠦᠬᠡᠢ ᠤᠯᠠᠭᠠᠨᠴᠠᠪ ᠴᠢᠭᠤᠯᠭᠠᠨ ᠤ ᠴᠢᠭᠤᠯᠭᠠᠨ ᠴᠢᠭᠤᠯᠭᠠᠭᠰᠠᠨ ᠭᠠᠵᠠᠷ ᠨᠢ ᠵᠦᠪ ᠤᠨᠤᠪᠴᠢᠳᠠᠢ ᠭᠡᠷᠡᠴᠢᠯᠡᠭᠳᠡᠵᠦ ᠪᠠᠶᠢᠨ᠎ᠠ᠂ ᠴᠢᠭᠤᠯᠭᠠᠨ ᠤ ᠰᠤᠪᠤᠷᠭ᠎ᠠ ᠨᠢ ᠵᠢᠷᠭᠤᠭᠠᠨ ᠮᠧᠲᠷ ᠦᠨᠳᠦᠷ ᠰᠢᠷᠡᠮᠦᠨ ᠲᠡᠮᠦᠷ ᠰᠤᠪᠤᠷᠭ᠎ᠠ ᠪᠠᠶᠢᠵᠦ ᠬᠡᠨ᠎ᠡ ᠪᠢᠯᠡ᠃ ᠵᠢᠷᠭᠤᠭᠠᠨ ᠪᠦᠰᠡᠯᠡᠬᠦᠷ ᠲᠠᠢ ᠭᠤᠷᠪᠠᠯᠵᠢᠨ ᠬᠡᠯᠪᠡᠷᠢᠳᠡᠢ᠂ ᠶᠠᠭ ᠭᠤᠷᠪᠠᠳᠤᠭᠠᠷ ᠪᠦᠰᠡᠯᠡᠬᠦᠷ ᠲᠡᠭᠡᠷ ᠎ᠡ ᠨᠢ ᠵᠦᠪᠭᠡᠨ ᠮᠤᠩᠭᠤᠯ ᠢᠶᠠᠷ ᠪᠦᠳᠦᠬᠦᠯᠢᠭ ᠪᠢᠴᠢᠭᠰᠡᠨ ︿ᠤᠯᠠᠭᠠᠨᠴᠠᠪ ᠴᠢᠭᠤᠯᠭᠠᠨ﹀ ᠭᠡᠳᠡᠭ ᠦᠰᠦᠭ ᠲᠠᠢ ᠪᠠᠶᠢᠵᠦ ᠬᠡᠨ᠎ᠡ᠃ ᠪᠤᠰᠤᠳ ᠮᠠᠨᠵᠦ᠂ ᠬᠢᠳᠡᠳ ᠦᠰᠦᠭ ᠪᠠᠶᠢᠭᠰᠠᠨ ᠡᠰᠡᠬᠦ ᠶᠢ ᠨᠢ ᠦᠵᠡᠭᠰᠡᠨ ᠬᠦᠮᠦᠨ ᠤᠳᠤᠬᠠᠨ ᠳᠠᠭᠠᠨ ᠰᠤᠨᠤᠰᠳᠠᠭᠠᠳᠤᠢ ᠪᠠᠶᠢᠨ᠎ᠠ︾ ᠭᠡᠵᠦ ᠲᠠᠨᠢᠯᠴᠠᠭᠤᠯᠤᠨ ᠶᠠᠷᠢᠵᠦ ᠪᠢᠯᠡ᠃ ᠡᠨᠡ ᠤᠳᠠᠭᠠᠨ ᠤ ᠭᠡᠭᠡᠷ ᠎ᠡ ᠶᠢᠨ ᠪᠠᠶᠢᠴᠠᠭᠠᠯᠳᠠ ᠪᠠᠷ ᠤᠴᠢᠭᠰᠠᠨ ᠨᠢᠬᠡ ᠪᠦᠯᠦᠭ ᠬᠦᠮᠦᠰ ᠲᠤ ᠬᠤᠰᠢᠭᠤ ᠲᠡᠳ᠋ ᠲᠠᠷᠤᠭ᠎ᠠ ᠭᠡ᠊ · ᠪᠤᠷᠤ᠂ ᠬᠤᠰᠢᠭᠤ ᠨᠢᠬᠡᠳᠤᠮᠡᠯ ᠹᠷᠤᠨᠲ ᠤᠨ ᠲᠠᠷᠤᠭ᠎ᠠ ᠵᠢᠷᠠᠨᠳᠠᠢ᠂ ᠬᠤᠰᠢᠭᠤ ᠰᠤᠶᠤᠯ ᠲᠧᠯᠸᠢᠰ ᠲᠤᠪᠴᠢᠶ ᠎ᠠ ᠶᠢᠨ ᠲᠠᠷᠤᠭ᠎ᠠ ᠦ᠋ · ᠶᠠᠷᠠᠨᠳᠠᠢ᠂ ᠬᠤᠰᠢᠭᠤ ᠲᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠲᠡᠳ᠋ ᠲᠠᠷᠤᠭ᠎ᠠ ᠬᠦᠷᠡᠯᠪᠡᠭᠠᠳᠤᠷ᠂ ᠲᠢᠶᠠᠨᠵᠢᠨ ᠤ ᠬᠡᠳᠤᠨ ᠰᠡᠭᠡᠭᠡᠳᠡᠨ᠂ ᠬᠤᠰᠢᠭᠤ ᠤᠳᠬ᠎ᠠ ᠤᠷᠠᠯᠢᠭ ᠤᠨ ᠬᠢᠨ ᠤ ᠲᠡᠳ᠋ ᠲᠡᠷᠢᠬᠦᠯᠡᠭᠴᠢ ᠨᠠ᠊ · ᠪᠠᠳᠤ ᠨᠠᠷ ᠪᠠᠶᠢᠯᠴᠠᠪᠠ᠃                                               ᠵᠣᠬᠢᠶᠠᠭᠴᠢ  ᠄ ᠨᠠ᠊ · ᠪᠠᠳᠤ                                               ᠪᠡᠯᠡᠳᠬᠡᠭᠰᠡᠨ ᠨᠢ᠄ ᠲᠤᠶᠠᠭ᠎ᠠ
 
ᠢᠷᠡᠯᠲᠡ᠄ ᠤᠯᠠᠭᠠᠨᠴᠠᠪ ᠮᠤᠡᠭᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2