| ᠮᠤᠷᠢᠨ ᠬᠤᠭᠤᠷ ᠤᠨ ᠡᠪᠦᠭᠡ ᠪᠣᠯ ᠪᠦᠷ ᠾᠦᠩᠨᠦ ᠶᠢᠨ ᠦᠶ᠎ᠡ ᠶᠢᠨ ᠪᠢᠪᠠ ᠬᠡᠮᠡᠬᠦ ᠭᠦᠭᠵᠢᠮ ᠠᠴᠠ | ᠭᠠᠷᠤᠯᠲᠠᠢ ᠰᠢᠨᠠᠭᠠᠨ ᠬᠤᠭᠤᠷ ᠶᠤᠮ᠂ ᠰᠢᠨᠠᠭᠠᠨ ᠬᠤᠭᠤᠷ ᠨᠢ ᠬᠤᠨ᠂ ᠭᠠᠷᠤᠳᠢ᠂ ᠮᠠᠲᠠᠷ᠂ ᠯᠤᠤ᠂ ᠠᠷᠰᠯᠠᠨ | ᠲᠣᠯᠣᠭᠠᠢ ᠲᠠᠢ᠂ ᠰᠢᠨᠠᠭᠠᠷᠬᠠᠤ ᠬᠡᠯᠪᠡᠷᠢ ᠶᠢᠨ ᠮᠣᠳᠣᠨ ᠴᠠᠷ᠎ᠠ ᠲᠠᠢ᠂ ᠬᠤᠶᠠᠷ ᠴᠢᠪᠬᠠᠳᠠᠰᠤ ᠲᠠᠢ᠂ ᠲᠣᠪᠰᠢᠭᠤᠷ | ᠬᠥᠭᠵᠢᠮ ᠪᠠᠶᠢᠵᠠᠢ᠃ | ᠬᠤᠵᠢᠮᠨᠢ ᠨᠤᠮᠤ ᠲᠠᠢ ᠪᠣᠯᠵᠤ᠂ ᠲᠣᠯᠣᠭᠠᠢ ᠶᠢᠨ ᠳᠦᠷᠰᠦ ᠶᠢ ᠮᠣᠷᠢᠨ ᠲᠣᠯᠣᠭᠠᠢ ᠪᠠᠷ ᠰᠤᠯᠢᠭᠰᠠᠨ ᠢᠶᠠᠷ ᠮᠣᠷᠢᠨ | ᠬᠤᠭᠤᠷ ᠡᠭᠦᠰᠦᠭᠰᠡᠨ ᠪᠠᠶᠢᠨ᠎ᠠ᠃ ᠬᠠᠷᠢᠨ ᠮᠣᠷᠢᠨ ᠲᠣᠯᠣᠭᠠᠢ ᠲᠠᠢ ᠰᠢᠨᠠᠭᠠᠨ ᠬᠤᠭᠤᠷ ᠪᠠᠶᠢᠬᠤ ᠦᠭᠡᠢ ᠪᠥᠭᠡᠳ | ᠮᠣᠩᠭᠤᠯᠴᠤᠳ ᠤᠨ ᠡᠷᠲᠡ ᠦᠶ᠎ᠡ ᠠᠴᠠ ᠬᠡᠷᠡᠭᠯᠡᠵᠦ ᠢᠷᠡᠭᠰᠡᠨ ᠨᠢᠭᠡᠨ ᠲᠥᠷᠥᠯ ᠤᠨ ᠴᠢᠪᠬᠠᠳᠠᠰᠤᠲᠤ ᠬᠢᠬᠢᠯᠢᠲᠤ | ᠬᠥᠭᠵᠢᠮ ᠪᠤᠶᠤ ᠬᠤᠭᠤᠴᠢᠷ ᠨᠢ ᠮᠣᠷᠢᠨ ᠲᠣᠯᠣᠭᠠᠢ ᠲᠠᠢ ᠪᠠᠶᠢᠵᠠᠢ᠃ ᠬᠤᠭᠤᠴᠢᠷ ᠨᠢ ᠪᠢᠪᠠ ᠭᠦᠭᠵᠢᠮ ᠠᠴᠠ | ᠭᠠᠷᠤᠯᠲᠠᠢ ᠴᠦ ᠳᠥᠷᠪᠡᠨ ᠴᠢᠬᠢ ᠲᠠᠢ᠂ ᠬᠤᠣᠰ ᠢᠶᠠᠷ ᠨᠢ ᠬᠥᠭᠯᠡᠭᠰᠡᠨ ᠳᠥᠷᠪᠡᠨ ᠴᠢᠪᠬᠠᠳᠠᠰᠤ ᠲᠠᠢ᠂ ᠨᠤᠮᠤ ᠨᠢ | ᠴᠢᠪᠬᠠᠳᠠᠰᠤᠨ ᠤ ᠪᠠᠨ ᠬᠤᠭᠤᠷᠣᠨᠳᠤᠭᠤᠷ ᠣᠷᠣᠭᠰᠠᠨ ᠪᠠᠶᠢᠳᠠᠭ ᠢᠶᠠᠷ ᠢᠶᠠᠨ ᠮᠣᠷᠢᠨ ᠬᠤᠭᠤᠷ ᠠᠴᠠ ᠢᠯᠭᠠᠷᠠᠳᠠᠭ | ᠬᠥᠭᠵᠢᠮ ᠤᠨ ᠵᠢᠮᠰᠡᠭ ᠪᠥᠭᠡᠳ ᠨᠤᠲᠤᠭ ᠪᠦᠷᠢ ᠳᠤ ᠶᠠᠩᠵᠤ ᠪᠦᠷᠢ ᠪᠠᠷ ᠨᠡᠷᠡᠯᠡᠭᠳᠡᠵᠦ ᠪᠠᠶᠢᠭᠠᠳ ᠬᠤᠵᠢᠮ ᠢᠶᠠᠨ | ᠬᠤᠭᠤᠴᠢᠷ ᠬᠡᠮᠡᠨ ᠨᠡᠷᠡᠯᠡᠭᠳᠡᠬᠦ ᠪᠣᠯᠵᠠᠢ᠃ | ᠮᠣᠷᠢᠨ ᠬᠤᠭᠤᠷ ᠭᠡᠳᠡᠭ ᠡᠨᠡ ᠬᠦ ᠨᠡᠷ᠎ᠡ ᠪᠠᠷᠠᠭᠤᠨ ᠤᠷᠠᠳ ᠮᠣᠩᠭᠤᠯ ᠤᠨ ᠳᠠᠭᠤᠴᠢ ᠬᠤᠭᠤᠷᠴᠢ | ᠬᠥᠬᠦᠭᠡᠨᠠᠮᠵᠢᠯ ᠤᠨ ᠵᠢᠬᠦᠷᠲᠤ ᠬᠦᠯᠦᠭ ᠤᠨ ᠲᠣᠮᠤᠭ ᠲᠠᠢ ᠬᠤᠯᠪᠣᠭᠠᠲᠠᠢ᠃ ᠮᠢᠩᠭᠠᠳ ᠤᠨ ᠴᠠᠭᠠᠨ ᠰᠢᠪᠠᠭᠤ | ᠤᠪᠤᠭ ᠤᠨ ᠬᠢᠨ ᠤ ᠭᠠᠷᠤᠯ ᠤᠨ ᠳᠣᠮᠤᠭ ᠲᠤ ᠡᠪᠦᠭᠡᠳ ᠳᠡᠭᠡᠳᠦᠰ ᠢᠶᠠᠨ ᠬᠥᠬᠦᠭᠡ ᠨᠠᠮᠵᠢᠯ ᠲᠠᠢ ᠬᠤᠯᠪᠣᠳᠠᠭ | ᠪᠥᠭᠡᠳ ᠬᠥᠬᠦᠭᠡ ᠨᠠᠮᠵᠢᠯ ᠵᠢᠬᠦᠷᠲᠤ ᠴᠠᠭᠠᠨ ᠮᠣᠷᠢ ᠪᠣᠯᠵᠤ ᠬᠤᠪᠢᠷᠠᠭᠰᠠᠨ ᠬᠤᠨ ᠬᠥᠯᠥᠭᠯᠡᠵᠦ ᠶᠠᠪᠤᠭᠰᠠᠨ ᠶᠤᠮ | ᠭᠡᠨ᠎ᠡ ᠯᠠᠢ ᠭᠡᠵᠦ ᠭᠠᠷᠳᠠᠭ ᠨᠢ ᠰᠣᠨᠢᠷᠬᠠᠯᠲᠠᠢ᠃ ᠮᠣᠷᠢᠨ ᠬᠤᠭᠤᠷ ᠨᠢ ᠮᠣᠩᠭᠤᠯᠴᠤᠳ ᠤᠨ ᠭᠤᠴᠣ ᠬᠦᠨᠳᠦᠳᠬᠡᠨ | ᠬᠠᠶᠢᠷᠠᠯᠠᠳᠠᠭ ᠬᠥᠭᠵᠢᠮ ᠤᠨ ᠵᠢᠮᠰᠡᠭ ᠪᠠ ᠡᠰᠢᠨ ᠤ ᠦᠵᠦᠭᠦᠷᠲᠦ ᠰᠡᠶᠢᠯᠦᠭᠰᠡᠨ ᠮᠣᠷᠢᠨ ᠲᠣᠯᠣᠭᠠᠢ ᠪᠠᠷ ᠢᠶᠠᠨ ᠲᠡᠶᠢᠨ | ᠬᠦ ᠨᠡᠷᠡᠯᠡᠭᠳᠡᠭᠰᠡᠨ ᠪᠠᠶᠢᠨ᠎ᠠ᠃ ᠮᠣᠷᠢᠨ ᠬᠤᠭᠤᠷ ᠤᠨ ᠴᠠᠷ᠎ᠠ ᠨᠢ ᠭᠤᠨᠵᠣᠭᠤᠢ ᠳᠥᠷᠪᠡᠯᠵᠢᠨ ᠬᠡᠯᠪᠡᠷᠢ ᠲᠠᠢ ᠪᠥᠭᠡᠳ | ᠲᠡᠭᠦᠨ ᠢ ᠢᠮᠠᠭᠠᠨ ᠤ ᠶᠤᠮ ᠦᠦ ᠪᠣᠲᠣᠭᠤᠨ ᠤ ᠠᠷᠠᠰᠤ ᠪᠠᠷ ᠪᠦᠷᠢᠵᠦ᠂ ᠨᠣᠭᠤᠭᠠᠨ ᠪᠣᠳᠤᠭ ᠢᠶᠠᠷ ᠪᠣᠳᠣᠳᠠᠭ ᠪᠠᠶᠢᠪᠠ | ᠃ ᠮᠥᠨ ᠮᠣᠷᠢᠨ ᠲᠣᠯᠣᠭᠠᠢ ᠶᠢ ᠨᠢ ᠴᠦ ᠨᠣᠭᠤᠭᠠᠨ ᠪᠣᠳᠤᠭ ᠢᠶᠠᠷ ᠪᠣᠳᠣᠳᠠᠭ᠃ ᠡᠨᠡ ᠨᠢ ᠮᠣᠩᠭᠤᠯᠴᠤᠳ | ᠨᠣᠭᠤᠭᠠᠨ ᠥᠩᠭᠡ ᠶᠢ ᠭᠠᠵᠠᠷ ᠳᠡᠯᠡᠬᠡᠢ᠂ ᠦᠷᠡᠵᠢᠯ ᠰᠢᠮ᠎ᠡ᠂ ᠬᠠᠶᠢᠷ᠎ᠠ ᠰᠡᠳᠬᠢᠯ ᠤᠨ ᠪᠡᠯᠭᠡ ᠲᠡᠮᠳᠡᠭ ᠭᠡᠵᠦ | ᠦᠵᠡᠳᠡᠭ ᠪᠠᠶᠢᠭᠰᠠᠨ ᠲᠠᠢ ᠬᠤᠯᠪᠣᠭᠠᠲᠠᠢ᠃ ᠮᠣᠷᠢᠨ ᠬᠤᠭᠤᠷ ᠢᠶᠠᠨ ᠮᠣᠩᠭᠤᠯᠴᠤᠳ ᠡᠷᠲᠡᠨ ᠠᠴᠠ ᠬᠦᠨᠳᠦᠳᠬᠡᠨ᠂ | ᠠᠶᠢᠯ ᠪᠣᠯᠭᠠᠨ ᠮᠣᠷᠢᠨ ᠬᠤᠭᠤᠷ ᠲᠠᠢ ᠪᠠᠶᠢᠬᠤ ᠶᠢ ᠴᠢᠬᠤᠯᠠᠴᠢᠯᠠᠳᠠᠭ᠃ ᠮᠣᠷᠢᠨ ᠬᠤᠭᠤᠷ ᠢᠶᠠᠨ ᠬᠤᠶᠢᠮᠤᠷ ᠤᠨ | ᠠᠪᠳᠠᠷ᠎ᠠ ᠶᠢᠨ ᠪᠠᠷᠠᠭᠤᠨ ᠵᠡᠭᠦᠨ ᠲᠠᠯ᠎ᠠ ᠪᠤᠶᠤ ᠭᠡᠷ ᠤᠨ ᠬᠢ ᠪᠠᠨ ᠬᠠᠮᠤᠭ ᠤᠨ ᠬᠦᠨᠳᠦᠲᠡᠢ ᠪᠠᠶᠢᠷᠢᠨ ᠳᠤ ᠵᠠᠯᠠᠳᠠᠭ | ᠪᠠᠶᠢᠪᠠ᠃ | | | | ᠢᠷᠡᠯᠲᠡ᠄ ︽ᠠᠯᠲᠠᠨ ᠬᠦᠷᠳᠦ︾ | ᠪᠡᠯᠡᠳᠬᠡᠭᠰᠡᠨ ᠨᠢ᠄ ᠲᠤᠶᠠᠭ᠎ᠠ |