ᠲᠤᠯᠤᠭᠠᠨ ᠰᠡᠷᠪᠡᠭᠡ ᠶᠢᠨ ᠳᠤᠮᠤᠭ
ᠨᠡᠶᠢᠲᠡᠯᠡᠭᠰᠡᠨ ᠴᠠᠭ᠄
2019/12/11
      ᠲᠤᠯᠤᠭᠠᠨ ᠰᠡᠷᠪᠡᠭᠡ ᠠᠭᠤᠯᠠ ᠪᠤᠯ ᠤᠤᠯ ᠤᠨ ᠤᠯᠠᠭᠠᠨᠬᠠᠳᠠ ᠰᠤᠮᠤᠨ ᠤ ᠪᠠᠶᠠᠨᠵᠢᠷᠦᠬᠡ ᠭᠠᠴᠠᠭᠠᠨ ᠳᠤ ᠪᠠᠷᠠᠭᠤᠨᠰᠢ ᠵᠠᠭᠦᠨᠰᠢ ᠬᠦᠨᠳᠡᠯᠢᠰᠤᠨ ᠵᠢᠭᠰᠠᠭᠰᠠᠨ ᠲᠤᠯᠤᠭᠠᠨ ᠬᠡᠰᠡᠭ ᠠᠭᠤᠯᠠ ᠨᠢᠷᠤᠭᠤ ᠶᠤᠮ᠃ ᠲᠡᠷᠡ ᠮᠦᠷᠳᠡᠭᠡᠨ ᠬᠤᠭᠤᠷᠤᠨᠳᠤᠬᠢ ᠵᠠᠢ ᠨᠢ ᠪᠠᠷᠤᠭ ᠲᠠᠪᠤᠨ ᠭᠠᠵᠠᠷ ᠤᠨ ᠵᠠᠶᠢᠳᠠᠢ ᠪᠠᠶᠢᠷᠢᠰᠢᠵᠤ ᠪᠠᠶᠢᠳᠠᠭ ᠶᠤᠮ᠃ ᠲᠤᠯᠤᠭᠠᠨ ᠰᠡᠷᠪᠡᠭᠡ ᠶᠢᠨ ᠠᠰ ᠬᠤᠶᠢᠳᠤ ᠲᠤᠤᠷ᠎ᠠ ᠨᠢ ᠨᠢᠭᠡ ᠭᠤᠤᠯ ᠲᠤᠨᠤᠯᠵᠡᠨ ᠤᠷᠤᠰᠴᠤ ᠪᠠᠶᠢᠳᠠᠭ᠃ ᠡᠨᠡ ᠬᠦ ᠭᠤᠤᠯ ᠢ ᠭᠤᠪᠢ ᠶᠢᠨ ᠭᠤᠤᠯ ᠭᠡᠳᠡᠭ᠃ ᠭᠤᠪᠢ ᠶᠢᠨ ᠭᠤᠤᠯ ᠤᠨ ᠠᠰ ᠬᠤᠶᠢᠳᠤ ᠵᠦᠭ ᠠᠴᠠ ᠨᠢᠭᠡ ᠠᠭᠤᠯᠠ ᠬᠡᠳᠤᠨ ᠠᠭᠤᠯᠠ ᠶᠢᠨ ᠲᠡᠭᠡᠭᠦᠷ ᠭᠤᠪᠢ ᠶᠢᠨ ᠭᠤᠤᠯ ᠢ ᠦᠩᠭᠡᠶᠢᠨ ᠰᠦᠨᠳᠡᠷᠯᠡᠵᠤ ᠬᠠᠷᠠᠭᠳᠠᠳᠠᠭ᠃ ᠨᠡᠨ ᠬᠦ ᠠᠭᠤᠯᠠ ᠶᠢ ᠬᠤᠰᠢᠭᠤ ᠪᠠᠶᠠᠨ ᠤᠪᠤᠭ᠎ᠠ ᠭᠡᠳᠡᠭ ᠶᠤᠮ᠃ ᠤᠴᠢᠷ ᠨᠢ ᠡᠷᠳᠡ ᠤᠷᠢᠳᠤ ᠠᠴᠠ ᠠᠪᠤᠭᠠᠤᠨ ᠤᠳᠤ ᠬᠦᠷᠳᠡᠯ᠎ᠠ ᠬᠤᠰᠢᠭᠤ ᠵᠠᠰᠠᠭ ᠠᠴᠠ ᠲᠠᠬᠢᠳᠠᠭ ᠤᠪᠤᠭ᠎ᠠ ᠶᠤᠮ᠃       ᠡᠷᠳᠡ ᠤᠷᠢᠳᠤ ᠶᠢᠨ ᠴᠠᠭ ᠲᠤ ᠡᠨᠡ ᠬᠡᠰᠡᠭ ᠭᠠᠵᠠᠷ ᠨᠤᠳᠤᠭ ᠲᠤ ᠤᠪᠤᠭ᠎ᠠ ᠲᠤᠯᠤᠭᠠᠢ᠂ ᠭᠤᠤᠯ ᠤᠰᠤ ᠭᠡᠵᠤ ᠦᠭᠡᠢ ᠴᠦᠯ ᠭᠠᠵᠠᠷ ᠪᠠᠶᠢᠵᠤ ᠭᠡᠨ᠎ᠠ᠃ ᠲᠡᠷᠡ ᠦᠶ᠎ᠠ ᠳᠤ ᠠᠷᠤ ᠬᠠᠯᠬ᠎ᠠ ᠳᠤ ᠴᠢᠤᠨᠬᠦᠷ ᠰᠢᠮᠨᠤᠰ ᠢ ᠲᠠᠷᠤᠳᠠᠭ ᠡᠷᠳᠡᠮ ᠴᠢᠳᠠᠪᠦᠷᠢ ᠲᠠᠢ ᠪᠠᠶᠠᠨ ᠨᠠᠭᠠᠰᠢ ᠭᠡᠳᠡᠭ ᠪᠠᠭᠠᠳᠤᠷ ᠡᠷ᠎ᠠ ᠪᠠᠶᠢᠵᠤ ᠭᠡᠨ᠎ᠠ᠃ ᠨᠢᠭᠡ ᠡᠳᠤᠷ ᠤᠯᠠᠭᠠᠨᠬᠠᠳᠠ ᠳᠤ ᠠᠷᠪᠡᠨ ᠬᠤᠶᠠᠷ ᠲᠤᠯᠤᠭᠠᠢ ᠲᠠᠢ ᠠᠷᠵᠠᠭᠠᠷ ᠬᠠᠷ᠎ᠠ ᠮᠠᠩᠭᠤᠰ ᠭᠠᠷᠴᠤ᠂ ᠠᠷᠠᠤᠨ ᠤᠯᠠᠨ ᠢ ᠭᠠᠰᠠᠯᠭᠠᠵᠤ ᠪᠠᠶᠢᠨ᠎ᠠ ᠭᠡᠵᠤ ᠰᠤᠨᠤᠰᠤᠭᠠᠤᠨ ᠠᠷᠤ ᠬᠠᠯᠬ᠎ᠠ ᠠᠴᠠ ᠬᠠᠶᠢᠷᠠᠳᠤ ᠬᠠᠳᠤᠨ ᠭᠤᠪᠢ ᠪᠤᠯᠤᠨ ᠦᠰᠴᠤ ᠪᠤᠶᠢᠵᠢᠭᠰᠠᠨ ᠲᠤᠯᠤᠭᠠᠨ ᠬᠦᠤ ᠪᠠᠨ ᠲᠠᠭᠠᠭᠤᠯᠤᠨ ᠬᠦᠷᠴᠤ ᠢᠷᠡᠵᠤ ᠭᠡᠨ᠎ᠠ᠃       ᠪᠠᠭᠠᠳᠤᠷ ᠡᠷ᠎ᠠ ᠪᠠᠶᠠᠨ ᠨᠠᠭᠠᠰᠢ ᠶᠢᠨ ᠬᠦᠷᠴᠤ ᠢᠷᠡᠭᠰᠡᠨ ᠢ ᠰᠤᠨᠤᠰᠴᠤ ᠮᠡᠳᠡᠭᠰᠡᠨ ᠠᠷᠵᠠᠭᠠᠷ ᠬᠠᠷ᠎ᠠ ᠮᠠᠩᠭᠤᠰ ᠲᠤᠯᠤᠭᠠᠢ ᠪᠤᠯᠳᠠᠶᠢᠯᠭᠠᠯ ᠦᠭᠡᠢ ᠨᠢᠭᠤᠴᠢᠬᠠᠵᠤ ᠭᠡᠨ᠎ᠠ᠃ ᠪᠠᠭᠠᠳᠤᠷ ᠡᠷ᠎ᠠ ᠶᠢᠨ ᠲᠤᠯᠤᠭᠠᠨ ᠬᠦᠤ ᠶᠢᠨ ᠬᠠᠮᠤᠭ ᠶᠡᠭᠡ ᠨᠢ × × × ᠭᠡᠳᠡᠭ᠂ ᠬᠤᠶᠠᠳᠤᠭᠠᠷ ᠬᠦᠤ ᠨᠢ ᠠᠯᠳᠠᠢ ᠭᠡᠳᠡᠭ᠂ ᠭᠤᠷᠪᠠᠳᠤᠭᠠᠷ ᠬᠦᠤ ᠨᠢ ᠤᠩᠭᠤᠨ ᠭᠡᠳᠡᠭ᠂ ᠲᠦᠷᠪᠡᠳᠦᠭᠡᠷ ᠬᠦᠤ ᠨᠢ ᠬᠤᠨᠴᠠᠷ ᠭᠡᠳᠡᠭ᠂ ᠲᠠᠪᠤᠳᠤᠭᠠᠷ ᠬᠦᠤ ᠨᠢ ᠤᠪᠤᠭ᠎ᠠ ᠭᠡᠳᠡᠭ᠂ ᠵᠢᠷᠭᠤᠳᠤᠭᠠᠷ ᠬᠦᠤ ᠨᠢ ᠦᠯᠢ ᠭᠡᠳᠡᠭ᠂ ᠲᠤᠯᠤᠳᠤᠭᠠᠷ ᠬᠦᠤ ᠨᠢ ᠲᠠᠪᠬᠤᠷ᠎ᠠ ᠭᠡᠳᠡᠭ ᠨᠡᠷ᠎ᠠ ᠲᠠᠢ᠃ ᠪᠦᠭᠦᠳᠡᠭᠡᠷ ᠢᠶᠠᠨ ᠬᠦᠨᠦᠭᠡᠯᠳᠤ ᠰᠢᠮᠨᠤᠰ ᠢ ᠲᠠᠷᠤᠳᠠᠭ ᠬᠦᠴᠦᠨ ᠴᠢᠳᠠᠯ ᠲᠠᠢ ᠴᠢᠬᠢᠷᠠᠭ ᠡᠷᠡᠴᠤᠤᠯ ᠪᠠᠶᠢᠵᠤ ᠭᠡᠨ᠎ᠠ᠃       ᠨᠢᠭᠡ ᠡᠳᠤᠷ ᠪᠠᠭᠠᠳᠤᠷ ᠡᠷ᠎ᠠ ᠲᠤᠯᠤᠭᠠᠨ ᠬᠦᠤ ᠪᠠᠨ ᠲᠠᠭᠠᠭᠤᠯᠤᠨ ᠠᠩ ᠬᠢᠬᠦ ᠪᠠᠷ ᠭᠠᠷᠴᠤ ᠭᠡᠨ᠎ᠠ᠃ ᠡᠨᠡ ᠬᠤᠭᠤᠷᠤᠨᠳᠤ ᠨᠢ ᠠᠷᠵᠠᠭᠠᠷ ᠬᠠᠷ᠎ᠠ ᠮᠠᠩᠭᠤᠰ ᠭᠠᠷᠴᠤ ᠢᠷᠡᠭᠡᠤᠨ ᠤᠯᠠᠭᠠᠨᠬᠠᠳᠠ ᠤᠷᠤᠨ ᠢ ᠶᠡᠬᠡᠪᠡᠷ ᠲᠦᠢᠪᠡᠭᠡᠵᠤ᠂ ᠮᠠᠯ ᠢ ᠨᠢ ᠢᠳᠡᠵᠤ ᠬᠦᠮᠤᠨ ᠢ ᠨᠢ ᠬᠢᠬᠠᠵᠤ᠂ ᠡᠳ᠋ ᠬᠦᠷᠦᠩᠭᠡ᠂ ᠡᠬᠡᠨᠡᠷ ᠬᠡᠤᠬᠡᠨᠴᠤᠤᠯ ᠢ ᠨᠢ ᠪᠤᠯᠢᠶᠠᠵᠤ ᠭᠡᠨ᠎ᠠ᠃ ᠪᠠᠭᠠᠳᠤᠷ ᠡᠷ᠎ᠠ ᠰᠤᠷᠠᠭ ᠰᠤᠨᠤᠰᠮᠠᠭᠴᠠ ᠪᠠᠨ ᠬᠡᠳᠤᠨ ᠬᠦᠤ ᠪᠠᠨ ᠴᠤ ᠬᠦᠯᠢᠶᠡᠭᠰᠡᠨ ᠦᠭᠡᠢ ᠬᠦᠷᠴᠤ ᠢᠷᠡᠭᠡᠤᠨ ᠠᠷᠵᠠᠭᠠᠷ ᠬᠠᠷ᠎ᠠ ᠮᠠᠩᠭᠤᠰ ᠲᠠᠢ ᠶᠢᠰᠤᠨ ᠡᠳᠤᠷ ᠶᠢᠰᠤᠨ ᠰᠦᠨᠢ ᠪᠠᠶᠢᠯᠳᠤᠵᠤ᠂ ᠲᠠᠶᠢᠯᠵᠤ ᠠᠪᠤᠭᠠᠤᠨ ᠲᠡᠭᠦᠨ ᠢ ᠪᠦᠷᠢᠮᠦᠰᠤᠨ ᠤᠰᠠᠤᠨᠬᠠᠬᠤ ᠶᠢᠨ ᠲᠦᠯᠦᠭᠡ ᠠᠷᠪᠡᠨ ᠬᠤᠶᠠᠷ ᠲᠤᠯᠤᠭᠠᠢ ᠶᠢ ᠨᠢ ᠠᠤᠨᠬᠤᠵᠤ ᠠᠪᠤᠭᠠᠤᠨ ᠶᠢᠰᠤᠨ ᠶᠢᠰᠤ ᠨᠠᠶᠠᠨ ᠨᠢᠭᠡᠨ ᠡᠳᠤᠷ ᠲᠠᠷᠤᠭᠠᠤᠨ ᠬᠡᠪᠳᠠᠴᠢᠬᠡᠵᠤ ᠭᠡᠨ᠎ᠠ᠃ ᠠᠷᠵᠠᠭᠠᠷ ᠬᠠᠷ᠎ᠠ ᠮᠠᠩᠭᠤᠰ ᠠᠯᠢ ᠬᠡᠵᠢᠶᠡᠨᠢ ᠪᠦᠳᠡᠭᠡᠤᠨ ᠦᠬᠦᠴᠢᠭᠡᠭᠰᠡᠨ ᠪᠠᠶᠢᠳᠠᠯ᠎ᠠ ᠪᠠᠭᠠᠳᠤᠷ ᠡᠷ᠎ᠠ ᠠᠤᠨᠬᠤᠭᠰᠠᠨ ᠪᠠᠷᠢᠴᠠ ᠪᠠᠨ ᠲᠠᠯᠪᠢᠭᠰᠠᠨ ᠦᠭᠡᠢ ᠭᠡᠨ᠎ᠠ᠃ ᠲᠡᠭᠡᠭᠡᠤᠨ ᠪᠠᠭᠠᠳᠤᠷ ᠡᠷ᠎ᠠ ᠪᠠᠶᠠᠨ ᠨᠠᠭᠠᠰᠢ ᠦᠨᠳᠤᠷ ᠠᠭᠤᠯᠠ ᠪᠤᠯᠤᠨ ᠰᠡᠭᠦ᠋ᠢᠵᠤ᠂ ᠲᠤᠯᠤᠭᠠᠨ ᠬᠦᠤ ᠡᠴᠢᠭᠡ ᠳᠡᠭᠡᠨ ᠮᠦᠷᠭᠦᠨ ᠭᠤᠶᠤᠭᠰᠠᠭᠠᠷ ᠪᠠᠶᠢᠭᠠᠤᠨ ᠵᠡᠷᠭᠡᠴᠡᠭᠰᠡᠨ ᠲᠤᠯᠤᠭᠠᠨ ᠬᠡᠰᠡᠭ ᠠᠭᠤᠯᠠ ᠪᠤᠯᠵᠤ᠂ ᠬᠠᠶᠢᠷᠠᠳᠤ ᠬᠡᠷᠬᠡᠢ ᠭᠤᠪᠢ ᠨᠢ ᠮᠦᠷᠭᠦᠨ ᠭᠤᠶᠤᠭᠰᠠᠭᠠᠷ ᠪᠠᠶᠢᠭᠠᠤᠨ ᠨᠢᠭᠡ ᠨᠠᠷᠢᠬᠠᠨ ᠭᠤᠤᠯ ᠪᠤᠯᠵᠤ ᠭᠡᠨ᠎ᠠ᠃                                         ᠢᠷᠡᠯᠳᠡ᠄ ᠤᠯᠠᠭᠠᠨᠴᠠᠪ ᠮᠤᠩᠭᠤᠯ ᠰᠦᠯᠵᠢᠶ᠎ᠡ                                         ᠪᠡᠯᠡᠳᠬᠡᠭᠰᠡᠨ ᠨᠢ᠄ ᠲᠤᠶᠠᠭ᠎ᠠ
 
ᠢᠷᠡᠯᠲᠡ᠄ ᠤᠯᠠᠭᠠᠨᠴᠠᠪ ᠮᠤᠡᠭᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05000630号-2